ᠦᠵᠦᠮᠦᠴᠢᠨ ᠮᠠᠯᠴᠢᠳ ᠴᠠᠭᠠᠨ ᠦᠬᠡᠷ ᠢᠶᠠᠨ ᠦᠰᠬᠡᠨ ᠮᠠᠯᠵᠢᠵᠤ ᠦᠷ᠎ᠡ ᠠᠰᠢᠭ ᠢ ᠨᠢ ᠬᠦᠷᠳᠡᠵᠦ ᠶᠠᠪᠤᠨ᠎ᠠ
ᠨᠡᠶᠢᠲᠡᠯᠡᠭᠰᠡᠨ ᠴᠠᠭ᠄
2025/3/21
    ᠰᠤᠷᠪᠤᠯᠵᠢᠯᠠᠭᠴᠢ ᠪᠠᠷᠠᠭᠤᠨ ᠦᠵᠦᠮᠦᠴᠢᠨ ᠬᠤᠰᠢᠭᠤᠨ ᠤ ᠪᠠᠶᠠᠠᠬᠤᠰᠢᠭᠤ ᠰᠤᠮᠤᠨ ᠤ ᠬᠠᠷᠠᠭᠠᠳᠤ ᠭᠠᠴᠠᠭ᠎ᠠ ᠪᠠᠷ ᠰᠤᠷᠪᠤᠯᠵᠢᠯᠠᠨ ᠶᠠᠪᠤᠬᠤ ᠳᠤ ᠲᠠᠷᠭᠤ ᠬᠦᠴᠦ ᠰᠠᠶᠢᠳᠠᠢ ᠴᠠᠭᠠᠨ ᠦᠬᠡᠷ ᠤᠳ ᠤᠯᠠᠭᠠᠨ ᠬᠤᠰᠢᠭᠤ ᠶᠢᠨ ᠡᠯᠡᠰᠦ ᠲᠠᠮᠵᠢᠨ ᠲᠠᠪᠠᠳᠠᠢ ᠢᠳᠡᠰᠢᠯᠡᠬᠦ ᠬᠠᠷᠬᠠᠳᠠᠪᠠ᠃ ᠡᠨᠡ ᠪᠤᠯ ᠲᠤᠰ ᠭᠠᠴᠠᠭᠠᠨ ᠤ ᠮᠠᠯᠴᠢᠨ ᠤᠷᠳᠤᠨᠠᠰᠤᠳᠤ ᠶᠢᠨ ᠬᠤᠶᠠᠷ ᠦᠶ᠎ᠡ ᠶᠢᠨ ᠬᠦᠮᠦᠨ ᠤ ᠭᠤᠴᠢᠨ ᠲᠠᠪᠤᠨ ᠵᠢᠯ ᠤᠨ ᠬᠦᠴᠦ ᠬᠦᠳᠡᠯᠮᠦᠷᠢ ᠪᠠᠷ ᠡᠭᠦᠯᠳᠡᠷᠵᠢᠭᠦᠯᠦᠨ ᠮᠠᠯᠵᠢᠵᠤ ᠢᠷᠡᠭᠰᠡᠨ ᠦᠵᠦᠮᠦᠴᠢᠨ ᠴᠠᠭᠠᠨ ᠦᠬᠡᠷ ᠤᠨ ᠰᠦᠷᠦᠭ ᠪᠠᠶᠢᠯ᠎ᠠ᠃
   ᠴᠠᠭᠠᠨ ᠦᠬᠡᠷ ᠤᠨ ᠤᠳᠤᠮ ᠢᠷᠡᠯᠳᠡ ᠶᠢ ᠲᠤᠷᠠᠳᠪᠠᠯ᠂ ᠲᠡᠭᠡᠷ᠎ᠡ ᠵᠠᠭᠤᠨ ᠤ ᠲᠠᠯᠠᠭᠠᠳ ᠤᠨ ᠳᠤ ᠹᠷᠠᠠᠽᠢ ᠤᠯᠤᠰ ᠠᠴᠠ ᠮᠠᠨ ᠤ ᠤᠯᠤᠰ ᠲᠤ ᠪᠡᠯᠭᠡᠯᠡᠭᠰᠡᠨ ᠱᠠᠷᠦ᠋ᠯᠠᠢ ᠡᠭᠦᠯᠳᠡᠷ ᠤᠨ ᠦᠬᠡᠷ ᠠᠴᠠ ᠦᠪᠦᠷ ᠮᠤᠩᠭᠤᠯ ᠳᠤ ᠬᠦᠷᠭᠡᠭᠰᠡᠨ 17 ᠦᠭᠡᠷ ᠤᠨ ᠤᠳᠤᠮ ᠤᠠᠠᠰᠠᠭ᠎ᠠ ᠪᠤᠯᠤᠨ᠎ᠠ᠃ ᠮᠠᠯᠴᠢᠨ ᠤᠷᠳᠤᠨᠠᠰᠤᠳᠤ ᠶᠢᠨ ᠴᠠᠭᠠᠨ ᠦᠬᠡᠷ ᠮᠠᠯᠵᠢᠵᠤ ᠡᠬᠢᠯᠡᠭᠰᠡᠨ ᠦᠯᠢᠭᠡᠷ ᠶᠠᠪᠤᠳᠠᠯ ᠴᠦ ᠲᠡᠭᠡᠷ᠎ᠡ ᠵᠠᠭᠤᠨ ᠤ ᠶᠡᠷᠡᠭᠡᠳ ᠤᠨ ᠠᠴᠠ ᠡᠬᠢᠯᠡᠳᠡᠭ᠃ ᠤᠷᠳᠤᠨᠠᠰᠤᠳᠤ ᠶᠢᠨ ᠠᠪᠤ ᠢᠳᠠᠮ ᠭᠡᠵᠦ ᠨᠤᠳᠤᠭ ᠤᠰᠤᠨ ᠳᠠᠭᠠᠨ ᠴᠤᠤ ᠲᠠᠢ ᠬᠠᠰᠢᠷ ᠮᠠᠯᠴᠢᠨ ᠪᠠᠶᠢᠭᠰᠠᠨ ᠠᠵᠢ᠃ ᠡᠶᠢᠨᠬᠦ ᠮᠠᠯ ᠤᠨ ᠡᠭᠦᠯᠳᠡᠷ ᠤᠠᠠᠰᠠᠭ᠎ᠠ ᠶᠢ ᠰᠠᠶᠢᠵᠢᠷᠠᠭᠤᠯᠬᠤ ᠶᠢᠨ ᠴᠢᠬᠤᠯᠠ ᠴᠢᠨᠠᠷ ᠢ ᠡᠷᠳᠡ ᠠᠴᠠ ᠤᠬᠠᠭᠠᠷᠠᠭᠰᠠᠨ ᠢᠳᠠᠮ ᠭᠤᠸᠠᠢ 1990 ᠤᠨ ᠳᠤ ᠪᠠᠷᠠᠭᠤᠨ ᠦᠵᠦᠮᠦᠴᠢᠨ ᠬᠤᠰᠢᠭᠤᠨ ᠤ ᠤᠤᠯ ᠤᠨ ᠳ᠋ᠠᠴᠢᠩ ᠮᠠᠯᠵᠢᠯ ᠤᠨ ᠲᠠᠯᠠᠪᠠᠢ ᠠᠴᠠ ᠱᠠᠷᠦ᠋ᠯᠠᠢ ᠡᠭᠦᠯᠳᠡᠷ ᠤᠨ ᠪᠤᠬ᠎ᠠ ᠬᠤᠳᠠᠯᠳᠤᠨ ᠠᠪᠴᠤ ᠡᠭᠦᠯᠳᠡᠷ ᠰᠠᠶᠢᠵᠢᠷᠠᠭᠤᠯᠬᠤ ᠮᠠᠯᠵᠢᠯ ᠤᠨ ᠦᠢᠯᠡᠰ ᠢᠶᠠᠨ ᠡᠬᠢᠯᠡᠭᠦᠯᠦᠭᠰᠡᠨ ᠪᠠᠶᠢᠯ᠎ᠠ᠃ ᠡᠭᠦᠨ ᠠᠴᠠ ᠬᠤᠶᠢᠰᠢ ᠡᠳᠡᠨᠡᠶᠢᠬᠢᠨ ᠦᠬᠡᠷ ᠤᠨ ᠢᠶᠠᠨ ᠡᠭᠦᠯᠳᠡᠷ ᠤᠠᠠᠰᠠᠭ᠎ᠠ ᠶᠢ ᠵᠢᠯ ᠲᠠᠷᠠᠭᠠᠯᠠᠨ ᠰᠢᠯᠢᠳᠡᠭᠵᠢᠬᠦᠯᠦᠨ ᠰᠠᠶᠢᠵᠢᠷᠠᠭᠤᠯᠵᠤ ᠢᠷᠡᠭᠰᠡᠨ ᠪᠦᠭᠡᠳ ᠬᠠᠮᠤᠭ ᠤᠯᠠᠨ ᠳᠠᠭᠠᠨ 120 ᠲᠤᠯᠤᠭᠠᠢ ᠴᠤᠯᠤ ᠡᠭᠦᠯᠳᠡᠷ ᠤᠨ ᠴᠠᠭᠠᠨ ᠦᠬᠡᠷ ᠮᠠᠯᠵᠢᠵᠤ ᠪᠠᠶᠢᠵᠠᠢ᠃ ︽ᠲᠤᠬᠠᠢ ᠶᠢᠨ ᠦᠶ᠎ᠡ ᠳᠤ ᠮᠠᠨ ᠤ ᠦᠬᠡᠷ ᠤᠨ ᠰᠦᠷᠦᠭ ᠲᠠᠯ᠎ᠠ ᠲᠦᠭᠦᠷᠳᠡᠯ᠎ᠡ ᠪᠡᠯᠴᠢᠳᠡᠭ ᠪᠠᠶᠢᠭᠰᠠᠨ᠂ ᠠᠪᠤ ᠮᠢᠨᠢ ᠴᠠᠭᠠᠨ ᠦᠬᠡᠷ ᠲᠡᠭᠡᠨ ᠮᠠᠰᠢ ᠬᠠᠶᠢᠷᠠᠳᠠᠢ ᠪᠠᠶᠢᠯ᠎ᠠ︾ ᠭᠡᠵᠦ ᠤᠷᠳᠤᠨᠠᠰᠤᠳᠤ ᠲᠤᠷᠠᠳᠬᠠᠨ ᠶᠠᠷᠢᠨ᠎ᠠ᠃
   2001 ᠤᠨ ᠳᠤ ᠤᠷᠳᠤᠨᠠᠰᠤᠳᠤ᠂ ᠲᠤᠶᠠᠭ᠎ᠠ ᠬᠤᠶᠠᠭᠤᠯᠠ ᠬᠠᠨᠢ ᠶᠢᠨ ᠵᠠᠶᠠᠭ᠎ᠠ ᠬᠤᠯᠪᠤᠨ ᠵᠢᠷᠭᠠᠯᠳᠤ ᠠᠮᠢᠳᠤᠷᠠᠯ  ᠢᠶᠠᠨ ᠡᠬᠢᠯᠡᠭᠦᠯᠵᠦ᠂ ᠠᠪᠤ ᠶᠢᠨ ᠦᠶ᠎ᠡ ᠠᠴᠠ ᠮᠠᠯᠵᠢᠵᠤ ᠢᠷᠡᠭᠰᠡᠨ ᠴᠠᠭᠠᠨ ᠦᠬᠡᠷ ᠢᠶᠠᠨ ᠦᠷᠭᠦᠯᠵᠢᠯᠡᠨ ᠲᠡᠵᠢᠭᠡᠨ ᠦᠰᠬᠡᠪᠡ ᠃ ᠤᠶᠢᠷ᠎ᠠ ᠶᠢᠨ ᠵᠢᠯ ᠳᠤ ᠤᠯᠤᠰ ᠤᠨ ᠲᠠᠯ᠎ᠠ ᠨᠤᠳᠤᠭ ᠤᠨ ᠠᠮᠢ ᠠᠬᠤᠢ ᠶᠢᠨ ᠬᠠᠮᠠᠭᠠᠯᠠᠯᠳᠠ ᠶᠢᠨ ᠲᠦᠷᠦ ᠶᠢᠨ ᠪᠤᠳᠤᠯᠭ᠎ᠠ  ᠶᠢᠨ ᠬᠦᠨᠵᠡᠭᠡᠶᠢᠷᠡᠬᠦ ᠶᠢ ᠲᠠᠭᠠᠯᠳᠤᠨ ᠤᠷᠳᠤᠨᠠᠰᠤᠳᠤ ᠴᠦ ᠮᠠᠯ ᠪᠡᠯᠴᠢᠭᠡᠷ ᠢᠶᠠᠨ ᠲᠡᠩᠴᠡᠭᠦᠷᠢᠰᠢᠭᠦᠯᠬᠦ ᠶᠢᠨ ᠬᠠᠮᠳᠤ ᠠᠰᠢᠭ ᠤᠷᠤᠯᠭ᠎ᠠ ᠪᠠᠨ ᠴᠦ ᠪᠠᠳᠤᠯᠠᠬᠤ ᠴᠢᠬᠤᠯᠠ ᠲᠠᠢ ᠪᠤᠯᠪᠠ᠃ ᠡᠶᠢᠨᠬᠦ ᠲᠡᠷᠡ ᠪᠠᠷ 1875 ᠮᠦ ᠨᠤᠳᠤᠭ ᠢᠶᠠᠨ ᠪᠡᠯᠴᠢᠭᠡᠷ ᠢᠶᠠᠷ ᠦᠯᠡᠳᠡᠭᠡᠵᠦ᠂ 500 ᠮᠦ ᠬᠠᠳᠤᠯᠠᠩ ᠢᠶᠠᠨ ᠪᠢᠳᠡᠭᠦᠮᠵᠢᠯᠡᠨ ᠠᠪᠴᠤ᠂ 42 ᠲᠤᠯᠤᠭᠠᠢ ᠰᠠᠭᠤᠷᠢ ᠡᠬᠡ ᠮᠠᠯ ᠤᠨᠳᠤᠷᠤᠭᠤᠯᠤᠨ ᠮᠠᠯᠵᠢᠵᠤ ᠮᠠᠯ ᠪᠡᠯᠴᠢᠭᠡᠷ ᠢᠶᠠᠨ ᠲᠡᠩᠴᠡᠭᠦᠷᠢᠰᠢᠭᠦᠯᠪᠡ᠃ ᠨᠢᠳᠤᠨᠤᠨ ᠤ ᠪᠠᠶᠢᠳᠠᠯ ᠢᠶᠠᠷ᠂ ᠡᠳᠡᠨᠡᠶᠢᠬᠢᠨ 45 ᠦᠬᠡᠷ ᠬᠤᠳᠠᠯᠳᠤᠵᠤ᠂ ᠮᠠᠯᠵᠢᠬᠤ ᠦᠢᠯᠡᠳᠪᠦᠷᠢᠯᠡᠯ ᠤᠨ ᠵᠠᠷᠤᠯᠭ᠎ᠠ ᠪᠠᠨ ᠬᠠᠰᠤᠭᠠᠳ 14 ᠲᠦᠮᠡᠨ ᠲᠦᠭᠦᠷᠢᠭ ᠤᠨ ᠤᠷᠤᠯᠭ᠎ᠠ ᠤᠯᠪᠠ᠃ ︽ᠮᠠᠨᠠᠶᠢᠬᠢᠨ ᠵᠤᠳ ᠭᠠᠮᠰᠢᠭ ᠠᠴᠠ ᠰᠡᠷᠭᠡᠶᠢᠯᠡᠵᠦ ᠲᠤᠯᠠᠭᠠᠨ ᠫᠧᠩ ᠰᠠᠷᠠᠪᠴᠢ ᠪᠠᠶᠢᠭᠤᠯᠵᠤ ᠠᠪᠴᠠᠢ᠂ ᠭᠡᠪᠡᠴᠦ ᠡᠪᠦᠯ ᠤᠨ ᠬᠦᠢᠳᠡᠨ ᠳᠤ ᠴᠦ ᠦᠬᠡᠷ ᠤᠳ ᠮᠠᠩᠬᠠᠨ ᠬᠤᠳᠤᠭᠤᠷ ᠲᠤ ᠬᠡᠪᠳᠡᠵᠦ᠂ ᠬᠠᠪᠤᠷ ᠤᠨ ᠰᠦᠨᠢ ᠵᠠᠷᠢᠮ ᠳᠠᠭᠠᠨ ᠬᠡᠭᠡᠷ᠎ᠡ ᠲᠤᠭᠤᠯᠯᠠᠴᠢᠬᠠᠳᠠᠭ︾ ᠭᠡᠵᠦ ᠤᠷᠳᠤᠨᠠᠰᠤᠳᠤ ᠶᠠᠷᠢᠨ᠎ᠠ᠃    ᠦᠵᠦᠮᠦᠴᠢᠨ ᠨᠤᠳᠤᠭ ᠤᠨ ᠮᠠᠯᠴᠢᠳ ᠤᠨ ᠤᠳᠠᠭᠠᠨ ᠵᠢᠯ ᠤᠨ ᠨᠠᠷᠢᠨ ᠬᠢᠨᠠᠮᠠᠭᠠᠢ ᠠᠷᠠᠴᠢᠯᠠᠭ᠎ᠠ ᠮᠠᠯᠵᠢᠯᠭ᠎ᠠ ᠪᠠᠷ ᠡᠳᠦᠭᠡ ᠴᠠᠭᠠᠨ ᠦᠬᠡᠷ ᠨᠢ ᠲᠠᠯ᠎ᠠ ᠨᠤᠳᠤᠭ ᠤᠨ ᠪᠡᠯᠴᠢᠭᠡᠷ ᠤᠰᠤ᠂ ᠠᠭᠤᠷ ᠠᠮᠢᠰᠬᠤᠯ ᠤᠨ ᠤᠨᠴᠠᠯᠢᠭ ᠲᠤ ᠵᠤᠬᠢᠴᠠᠨ ᠲᠠᠰᠴᠤ᠂ ᠪᠡᠶ᠎ᠡ ᠪᠢᠯᠳᠠᠷ ᠰᠠᠶᠢᠨ᠂ ᠦᠯᠴᠢᠷ ᠲᠠᠭᠠᠭᠠᠴᠠ ᠲᠠᠢ᠂ ᠪᠡᠯᠴᠢᠭᠡᠷᠯᠡᠨ ᠢᠳᠡᠰᠢᠯᠡᠬᠦ ᠳᠤ ᠵᠤᠬᠢᠴᠠᠭᠰᠠᠨ ᠡᠭᠦᠯᠳᠡᠷ ᠤᠨ ᠦᠬᠡᠷ ᠪᠤᠯᠪᠠ᠃ ᠪᠠᠷᠠᠭᠤᠨ ᠦᠵᠦᠮᠦᠴᠢᠨ ᠬᠤᠰᠢᠭᠤ ᠦᠵᠦᠮᠦᠴᠢᠨ ᠴᠠᠭᠠᠨ ᠦᠬᠡᠷ ᠤᠨ ᠠᠵᠤ ᠦᠢᠯᠡᠰ ᠢ ᠲᠡᠳᠬᠦᠨ ᠬᠦᠭᠵᠢᠬᠦᠯᠵᠦ ᠢᠷᠡᠭᠰᠡᠨ ᠪᠦᠭᠡᠳ ᠡᠳᠦᠭᠡ ᠦᠬᠡᠷ ᠤᠨ ᠲᠤᠭ᠎ᠠ ᠲᠤᠯᠤᠭᠠᠢ ᠨᠡᠶᠢᠳᠡ 6 ᠲᠦᠮᠡ ᠳᠤ ᠬᠦᠷᠴᠦ᠂ ᠤᠷᠤᠨ ᠨᠤᠳᠤᠭ ᠤᠨ ᠴᠢᠬᠤᠯᠠ ᠮᠢᠬᠠᠨ ᠤ ᠦᠬᠡᠷ ᠤᠨ ᠠᠵᠤ ᠦᠢᠯᠡᠰ ᠪᠤᠯᠤᠨ ᠪᠤᠵᠠᠭᠠᠶᠢᠷᠠᠵᠦ᠂ ᠮᠠᠯᠴᠢᠳ ᠤᠨ ᠮᠠᠯ ᠪᠡᠯᠴᠢᠭᠡᠷ ᠢᠶᠠᠨ ᠲᠡᠩᠴᠡᠭᠦᠷᠢᠰᠢᠬᠦᠯᠬᠦ ᠪᠠ ᠬᠡᠪᠴᠢᠶᠡᠵᠢᠭᠰᠡᠨ ᠮᠠᠯ ᠠᠵᠤ ᠠᠬᠤᠢ ᠡᠷᠬᠢᠯᠡᠬᠦ ᠳᠤ ᠴᠢᠬᠤᠯᠠ ᠠᠴᠢ ᠬᠤᠯᠪᠤᠭᠳᠠᠯ ᠢᠶᠠᠨ ᠦᠵᠡᠭᠦᠯᠬᠦ ᠪᠤᠯᠤᠭᠰᠠᠨ ᠪᠠᠶᠢᠨ᠎ᠠ᠃    
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号