ᠣᠶᠢᠷ᠎ᠠ ᠶᠢᠨ ᠵᠢᠯ ᠤᠳ ᠲᠤ ᠮᠠᠯᠴᠢᠳ ᠬᠠᠭᠤᠴᠢᠷᠠᠭᠰᠠᠨ ᠲᠣᠣᠷ ᠬᠦᠷᠢᠶ᠎ᠡ ᠪᠠᠨ ᠰᠣᠯᠢᠵᠤ ᠰᠢᠨᠡᠳᠬᠡᠬᠦ ᠶᠢ | ᠳᠠᠭᠠᠯᠳᠤᠨ᠂ ᠬᠠᠳᠤᠯᠠᠩ ᠪᠡᠯᠴᠢᠭᠡᠷ ᠲᠠᠬᠢ ᠲᠡᠮᠦᠷ ᠤᠲᠠᠰᠤᠨ ᠤ ᠭᠡᠭᠡᠭᠳᠡᠮᠡᠯ ᠲᠠᠰᠤᠷᠬᠠᠢ ᠨᠤᠭᠤᠳ ᠠᠷᠪᠢᠳᠴᠤ᠂ ᠮᠠᠯ ᠤᠨ | ᠭᠡᠳᠡᠰᠦ ᠭᠦᠵᠡᠭᠡᠨ ᠳᠤ ᠬᠠᠳᠬᠤᠨ ᠮᠠᠯᠴᠢᠳ ᠲᠤ ᠪᠠᠭ᠎ᠠ ᠪᠤᠰᠤ ᠶᠠᠷᠰᠢᠭ ᠲᠦᠪᠡᠭ ᠵᠠᠷᠤᠳᠠᠯ ᠬᠤᠬᠢᠷᠠᠯ ᠤᠴᠠᠷᠠᠭᠤᠯᠳᠠᠭ | ᠪᠣᠯᠵᠠᠢ᠃ | | ᠪᠠᠷᠠᠭᠤᠨ ᠦᠵᠦᠮᠦᠴᠢᠨ ᠬᠤᠰᠢᠭᠤᠨ ᠤ ᠬᠤᠭᠤᠯᠠᠲᠤ ᠶᠢᠨ ᠭᠤᠣᠯ ᠪᠠᠯᠭᠠᠰᠤᠨ ᠤ ᠰᠢᠨᠡᠪᠤᠯᠠᠭ ᠭᠠᠴᠠᠭᠠᠨ ᠤ ᠮᠠᠯᠴᠢᠨ | ᠵᠠᠯᠠᠭᠤ ᠳᠠᠪᠠᠯᠭᠠᠨ᠂ ᠡᠨᠡ ᠬᠦ ᠪᠠᠶᠢᠳᠠᠯ ᠳᠤ ᠰᠠᠨᠠᠭᠠᠰᠢᠷᠠᠨ᠂ ᠪᠡᠯᠴᠢᠭᠡᠷ ᠲᠠᠬᠢ ᠬᠠᠶᠠᠭᠳᠠᠮᠠᠯ ᠵᠢᠵᠢᠭ ᠲᠡᠮᠦᠷ ᠤᠲᠠᠰᠤ ᠶᠢ | ᠴᠡᠪᠡᠷᠯᠡᠬᠦ ᠳᠤ ᠵᠣᠷᠢᠭᠤᠯᠤᠭᠰᠠᠨ ᠬᠥᠩᠭᠡᠨ ᠮᠥᠷᠲᠡᠭᠡᠨ ᠠᠪᠰᠠᠷᠬᠠᠨ ᠰᠣᠷᠢᠨᠵᠢᠨᠲᠤ ᠴᠢᠷᠦᠭᠦᠯ ᠬᠠᠪᠲᠠᠰᠤ ᠬᠢᠵᠦ | ᠪᠣᠷᠣᠯᠠᠭᠤᠯᠤᠭᠠᠳ ᠣᠯᠠᠨ ᠭᠠᠵᠠᠷ ᠤᠨ ᠮᠠᠯᠴᠢᠳ ᠤᠨ ᠠᠩᠬᠠᠷᠤᠯ ᠳᠤ ᠬᠦᠷᠴᠦ ᠪᠠᠶᠢᠨ᠎ᠠ᠃ | ᠲᠡᠷᠡ ᠪᠠᠷ 2022 ᠣᠨ 6 ᠰᠠᠷ᠎ᠠ ᠳᠤ ᠡᠨᠡ ᠬᠦ ᠪᠠᠭᠠᠵᠢ ᠪᠠᠨ ᠠᠩᠬ᠎ᠠ ᠬᠢᠵᠦ ᠥᠪᠡᠷ ᠤᠨ ᠪᠡᠯᠴᠢᠭᠡᠷ ᠲᠡᠭᠡᠨ | ᠲᠤᠷᠰᠢᠨ ᠬᠡᠷᠡᠭᠯᠡᠭᠰᠡᠨ ᠳᠤ ᠣᠪᠣᠭ᠎ᠠ ᠪᠦᠲᠦᠮᠵᠢᠲᠡᠶ ᠪᠣᠯᠤᠭᠰᠠᠨ ᠪᠣᠯᠬᠤᠷ ᠭᠠᠷ ᠤᠲᠠᠰᠤ ᠪᠠᠷ ᠵᠢᠷᠤᠭᠯᠠᠭᠠᠳ ᠴᠤᠤᠷᠢᠶ᠎ᠠ | ᠲᠠᠪᠴᠠᠩ ᠢᠶᠠᠷ ᠨᠡᠶᠢᠲᠡᠯᠡᠭᠰᠡᠨ ᠳᠤ ᠮᠠᠰᠢ ᠣᠯᠠᠨ ᠬᠥᠮᠥᠨ ᠤ ᠠᠩᠬᠠᠷᠤᠯ ᠳᠤ ᠬᠦᠷᠴᠦ ᠳᠠᠷᠤᠮ ᠤᠨ ᠲᠤᠭ᠎ᠠ ᠨᠢ 10 | ᠲᠦᠮᠡ ᠭᠠᠷᠤᠢ ᠪᠣᠯᠤᠭᠰᠠᠨ ᠪᠥᠭᠡᠳ᠂ ᠪᠠᠰᠠ ᠵᠠᠷᠢᠮ ᠨᠢ ᠵᠠᠬᠢᠶᠠᠯᠠᠭ᠎ᠠ ᠢᠷᠡᠭᠦᠯᠦᠭᠰᠡᠨ ᠪᠠᠶᠢᠵᠠᠢ᠃ ᠢᠩᠭᠢᠭᠡᠳ ᠲᠡᠷᠡ | ᠠᠪᠤ ᠲᠠᠢ ᠪᠠᠨ ᠬᠠᠮᠵᠢᠯᠴᠠᠨ ᠲᠤᠰ ᠵᠢᠯ ᠳᠡᠭᠡᠨ 60 ᠭᠠᠷᠤᠢ ᠶᠢ ᠬᠢᠵᠦ ᠣᠳᠣ ᠪᠣᠯᠲᠠᠯ᠎ᠠ ᠨᠢᠭᠡᠨᠲᠡ 300 ᠭᠠᠷᠤᠢ ᠶᠢ | ᠬᠢᠵᠦ ᠪᠣᠷᠣᠯᠠᠭᠤᠯᠤᠭᠠᠳ 4 ᠲᠦᠮᠡ ᠰᠢᠬᠠᠮ ᠲᠥᠭᠦᠷᠢᠭ ᠤᠨ ᠣᠷᠣᠯᠭ᠎ᠠ ᠣᠯᠣᠭᠰᠠᠨ ᠪᠥᠭᠡᠳ ᠰᠢᠯᠢ ᠶᠢᠨ ᠭᠤᠣᠯ | ᠠᠶᠢᠮᠠᠭ ᠤᠨ ᠡᠯ᠎ᠡ ᠬᠤᠰᠢᠭᠤᠳ ᠠᠴᠠ ᠭᠠᠳᠠᠨ᠎ᠠ᠂ ᠣᠷᠳᠣᠰ᠂ ᠤᠯᠠᠭᠠᠨᠴᠠᠪ᠂ ᠤᠯᠠᠭᠠᠨᠬᠠᠳᠠ᠂ ᠲᠦᠩᠯᠢᠶᠣᠣ᠂ ᠬᠥᠯᠥᠨ | ᠪᠤᠶᠢᠷ ᠵᠡᠷᠭᠡ ᠭᠠᠵᠠᠷ ᠣᠷᠣᠨ ᠤ ᠬᠥᠮᠥᠰ ᠴᠦ ᠵᠠᠬᠢᠶᠠᠯᠠᠨ ᠠᠪᠲᠠᠭ ᠪᠣᠯᠤᠭᠰᠠᠨ ᠪᠠᠶᠢᠨ᠎ᠠ᠃ | | ᠳᠠᠪᠠᠯᠭᠠᠨ ︿ᠡᠨᠡ ᠪᠠᠭᠠᠵᠢ ᠪᠠᠨ ᠪᠢ ᠭᠠᠵᠠᠷ ᠤᠨ ᠬᠥᠷᠥᠰᠥᠨ ᠠᠴᠠ 2cm ᠵᠠᠶᠢᠲᠠᠢ᠂ 1m ᠮᠧᠲᠷ ᠪᠣᠯᠣᠨ 1.40 | ᠮᠧᠲᠷ ᠤᠨ ᠭᠡᠵᠦ ᠬᠤᠶᠠᠷ ᠬᠡᠮᠵᠢᠶ᠎ᠡ ᠪᠠᠷ ᠬᠢᠵᠦ ᠪᠠᠶᠢᠨ᠎ᠠ᠃ ᠪᠡᠯᠴᠢᠭᠡᠷ ᠬᠠᠳᠤᠯᠠᠩ ᠳᠤ ᠬᠡᠷᠡᠭᠯᠡᠪᠡᠯ ᠬᠠᠪᠤᠷ ᠪᠤᠶᠤ ᠨᠠᠮᠤᠷ | ᠬᠠᠳᠤᠯᠠᠩ ᠤᠨ ᠳᠠᠷᠠᠭ᠎ᠠ ᠬᠡᠷᠡᠭᠯᠡᠪᠡᠯ ᠬᠠᠮᠤᠭ ᠠᠴᠠ ᠲᠣᠬᠢᠷᠠᠮᠵᠢᠲᠠᠢ᠃ ᠮᠠᠯ ᠣᠨᠣᠭᠠᠨ ᠳᠠᠭᠠᠨ ᠮᠣᠲ᠋ᠣᠷ ᠲᠠᠢ | ᠶᠠᠪᠤᠬᠤ ᠳᠤ ᠪᠠᠨ ᠴᠢᠷᠦᠭᠡᠳ ᠶᠠᠪᠤᠭᠰᠠᠨ ᠴᠤ ᠪᠣᠯᠣᠨ᠎ᠠ᠃ ᠭᠤᠣᠯ ᠣᠨᠴᠠᠯᠢᠭ ᠨᠢ ᠭᠡᠪᠡᠯ ᠬᠥᠩᠭᠡᠨ ᠮᠥᠷᠲᠡᠭᠡᠨ ᠡᠪᠯᠢᠭ | ᠠᠪᠰᠠᠷᠬᠠᠨ ᠶᠤᠮ ᠠ᠋﹀ ᠭᠡᠵᠦ ᠲᠠᠨᠢᠯᠴᠠᠭᠤᠯᠵᠤ ᠪᠢᠯᠡ᠃ | ᠡᠳᠡᠨᠡᠶᠢᠬᠢ ᠨᠢ ᠣᠳᠣ ᠳᠠᠭᠠᠭᠠᠴᠢᠯᠠᠭᠰᠠᠨ ᠨᠤᠲᠤᠭ ᠲᠠᠭᠠᠨ ᠵᠣᠬᠢᠴᠠᠭᠤᠯᠤᠨ ᠦᠬᠡᠷ ᠪᠣᠯᠣᠨ ᠪᠣᠭ ᠮᠠᠯ ᠮᠠᠯᠵᠢᠵᠤ᠂ | ᠳᠠᠪᠠᠯᠭᠠᠨ ᠵᠠᠪ ᠴᠢᠯᠦᠭᠡ ᠪᠠᠷ ᠢᠶᠠᠨ ᠠᠴᠢᠶᠠᠨ ᠤ ᠮᠠᠰᠢᠨ ᠭᠦᠶᠦᠯᠭᠡᠬᠦ ᠪᠤᠶᠤ ᠨᠠᠮᠤᠷ ᠲᠠᠭᠠᠨ ᠡᠪᠡᠰᠦ ᠬᠠᠳᠤᠵᠤ ᠪᠣᠭᠤᠵᠢᠯᠠᠬᠤ | ᠵᠡᠷᠭᠡ ᠮᠠᠯᠵᠢᠯ ᠤᠨ ᠪᠤᠰᠤ ᠬᠥᠳᠡᠯᠮᠦᠷᠢ ᠪᠠᠷ ᠣᠷᠣᠯᠭ᠎ᠠ ᠪᠠᠨ ᠨᠡᠮᠡᠭᠳᠡᠭᠦᠯᠦᠨ᠂ ᠠᠮᠢᠳᠤᠷᠠᠯ ᠠᠬᠤᠢ ᠪᠠᠨ ᠲᠥᠪᠬᠢᠨᠡᠭᠦᠨ | ᠰᠠᠶᠢᠬᠠᠨ ᠡᠵᠡᠩᠨᠡᠵᠦ ᠪᠠᠶᠢᠨ᠎ᠠ᠃ |