ᠦᠨ᠎ᠡ ᠲᠥᠯᠥᠪᠦᠷᠢ ᠦᠭᠡᠢ WIFI ᠶᠢ ᠳᠤᠷ᠎ᠠ ᠪᠠᠷ ᠢᠶᠠᠨ ᠬᠡᠷᠡᠭᠯᠡᠬᠦ ᠠᠴᠠ ᠬᠢᠴᠢᠶᠡᠭᠡᠷᠡᠢ
ᠨᠡᠶᠢᠲᠡᠯᠡᠭᠰᠡᠨ ᠴᠠᠭ᠄
2025/3/11
     ᠨᠡᠶᠢᠲᠡ ᠶᠢᠨ WIFI ᠨᠢ ᠬᠡᠳᠦᠶᠢᠪᠡᠷ ᠬᠡᠷᠡᠭᠯᠡᠬᠦ ᠳᠤ ᠳᠥᠭᠦᠮ ᠪᠤᠯᠪᠠᠴᠤ ᠪᠠᠰᠠ ᠴᠥᠭᠡᠨ ᠪᠤᠰᠤ ᠠᠮᠤᠷ ᠲᠦᠪᠰᠢᠨ ᠤ ᠭᠡᠮ ᠰᠣᠭᠤᠭ ᠣᠷᠣᠰᠢᠵᠤ ᠪᠠᠶᠢᠬᠤ ᠪᠣᠯᠬᠤᠷ ᠬᠢᠴᠢᠶᠡᠬᠦ ᠦᠭᠡᠢ ᠪᠣᠯ ᠮᠡᠬᠡᠯᠡᠭᠴᠢ ᠶᠢᠨ ᠤᠷᠠᠬ᠎ᠠ ᠳᠤ ᠤᠨᠠᠨ᠎ᠠ᠃              ᠵᠠᠩ ᠬᠠᠲᠤᠭᠲᠠᠢ ᠳᠡᠯᠭᠡᠭᠦᠷ ᠲᠣᠭᠤᠷᠢᠵᠤ ᠪᠠᠶᠢᠬᠤ ᠳᠠᠭᠠᠨ ᠳᠡᠯᠭᠡᠭᠦᠷ ᠤᠨ ᠨᠢᠭᠡᠨ ᠨᠢᠭᠤᠴᠠ ᠨᠣᠮᠧᠷ ᠦᠭᠡᠢ WIFI ᠶᠢ ᠵᠠᠯᠭᠠᠭᠠᠳ ᠭᠠᠷ ᠤᠲᠠᠰᠤᠨ ᠪᠠᠩᠬᠢ ᠪᠠᠷ ᠲᠣᠭᠠᠴᠠᠭ᠎ᠠ ᠬᠢᠵᠦ᠂ ᠨᠢᠭᠡ ᠵᠠᠬ᠎ᠠ ᠬᠤᠪᠴᠠᠰᠤ ᠬᠤᠳᠠᠯᠳᠤᠨ ᠠᠪᠴᠠᠢ᠃ ᠳᠡᠮᠡᠢ ᠤᠳᠠᠭᠰᠠᠨ ᠦᠭᠡᠢ ᠵᠠᠩ ᠬᠠᠲᠤᠭᠲᠠᠢ ᠭᠠᠷ ᠤᠲᠠᠰᠤᠨ ᠤ ᠣᠬᠤᠷ ᠮᠡᠳᠡᠭᠡ ᠶᠢ ᠣᠯᠠᠨᠲᠠ ᠲᠤᠰᠪᠠ᠂ ᠲᠡᠷᠡ ᠣᠬᠤᠷ ᠮᠡᠳᠡᠭᠡ ᠶᠢᠨ ᠰᠠᠨᠠᠭᠤᠯᠤᠮᠵᠢ ᠶᠢ ᠦᠵᠡᠭᠰᠡᠨ ᠴᠢᠨᠢ ᠲᠡᠭᠦᠨ ᠤ ᠢᠲᠡᠭᠡᠮᠵᠢ ᠶᠢᠨ ᠺᠠᠷᠲ ᠠᠴᠠ ᠤᠷᠢᠳ ᠬᠤᠵᠢᠳ 9000 ᠭᠠᠷᠤᠢ ᠲᠥᠭᠦᠷᠢᠭ ᠬᠤᠯᠠᠭᠠᠶᠢᠯᠠᠨ ᠰᠢᠷᠪᠢᠭᠰᠡᠨ ᠢ ᠣᠯᠵᠤ ᠮᠡᠳᠡᠵᠡᠢ᠃ ᠯᠢ ᠠᠪᠤᠭᠠᠢ ᠭᠠᠷ ᠤᠲᠠᠰᠤ ᠪᠠᠨ ᠠᠦ᠋ᠲ᠋ᠣ᠋ ᠬᠠᠶᠢᠯᠲᠠ ᠪᠠᠷ WIFI ᠶᠢ ᠠᠶᠠᠨᠳᠠᠭᠠᠨ ᠬᠤᠯᠪᠣᠬᠤ ᠪᠣᠯᠭᠠᠨ ᠲᠣᠬᠢᠷᠠᠭᠤᠯᠪᠠ᠃ ᠨᠢᠭᠡᠨ ᠡᠳᠦᠷ ᠭᠠᠳᠠᠨ᠎ᠠ ᠬᠤᠭᠤᠯᠠ ᠢᠳᠡᠵᠦ ᠪᠠᠶᠢᠬᠤ ᠳᠤ ᠲᠡᠭᠦᠨ ᠤ ᠭᠠᠷ ᠤᠲᠠᠰᠤ ᠨᠢ ᠠᠦ᠋ᠲ᠋ᠣ᠋ ᠬᠠᠶᠢᠯᠲᠠ ᠪᠠᠷ ᠨᠢᠭᠤᠴᠠ ᠨᠣᠮᠧᠷ ᠦᠭᠡᠢ ᠪᠥᠭᠡᠳ ᠦᠨ᠎ᠡ ᠲᠥᠯᠥᠪᠦᠷᠢ ᠦᠭᠡᠢ WIFI ᠶᠢ ᠵᠠᠯᠭᠠᠭᠰᠠᠨ ᠪᠠᠶᠢᠯ᠎ᠠ᠃ ᠲᠣᠰ WIFI ᠶᠢ ᠬᠡᠷᠡᠭᠯᠡᠵᠦ ᠪᠠᠶᠢᠬᠤ ᠬᠤᠭᠤᠴᠠᠭᠠᠨ ᠳᠤ᠂ ᠯᠢ ᠠᠪᠤᠭᠠᠢ ᠥᠪᠡᠷ ᠤᠨ ᠭᠠᠷ ᠤᠲᠠᠰᠤᠨ ᠤ ᠰᠦᠯᠵᠢᠶᠡᠨ ᠪᠠᠩᠬᠢ ᠳᠡᠭᠡᠷ᠎ᠡ ᠭᠠᠷᠤᠭᠰᠠᠨ ᠪᠥᠭᠡᠳ ᠪᠠᠩᠬᠢ ᠶᠢᠨ ᠺᠠᠷᠲ ᠤᠨ ᠨᠣᠮᠧᠷ ᠵᠢᠴᠢ ᠨᠢᠭᠤᠴᠠ ᠨᠣᠮᠧᠷ ᠢᠶᠠᠨ ᠣᠷᠣᠭᠤᠯᠵᠤ ᠪᠠᠩᠬᠢ ᠶᠢᠨ ᠺᠠᠷᠲ ᠤᠨ ᠲᠠᠩᠰᠠᠨ ᠡᠷᠦᠭᠡ ᠶᠢᠨ ᠦᠯᠡᠳᠡᠪᠦᠷᠢ ᠵᠣᠭᠤᠰ ᠢᠶᠠᠨ ᠪᠠᠶᠢᠴᠠᠭᠠᠨ ᠯᠠᠪᠯᠠᠪᠠ᠃ ᠳᠠᠷᠠᠭ᠎ᠠ ᠡᠳᠦᠷ ᠨᠢ ᠲᠡᠷᠡ 3000 ᠲᠥᠭᠦᠷᠢᠭ ᠵᠠᠷᠤᠪᠠ ᠭᠡᠰᠡᠨ ᠭᠠᠷ ᠤᠲᠠᠰᠤᠨ ᠤ ᠣᠬᠤᠷ ᠮᠡᠳᠡᠭᠡ ᠪᠣᠯᠣᠨ ᠪᠠᠩᠬᠢ ᠶᠢᠨ ᠺᠠᠷᠲ ᠠᠴᠠ ᠨᠢ ᠵᠣᠭᠤᠰ ᠰᠢᠯᠵᠢᠭᠦᠯᠦᠭᠰᠡᠨ ᠪᠠ ᠬᠡᠷᠡᠭᠯᠡᠭᠰᠡᠨ ᠣᠬᠤᠷ ᠮᠡᠳᠡᠭᠡ ᠶᠢ ᠣᠯᠵᠤ ᠳᠤᠰᠤᠭᠰᠠᠨ ᠪᠠᠶᠢᠨ᠎ᠠ᠃             ᠲᠡᠭᠡᠪᠡᠯ ᠪᠢᠳᠡ ᠡᠶᠢᠮᠦᠷᠬᠦᠦ ᠶᠠᠪᠤᠳᠠᠯ ᠢ ᠶᠠᠭᠠᠬᠢᠵᠤ ᠰᠡᠷᠭᠡᠶᠢᠯᠡᠬᠦ ᠪᠤᠢ︖            1. ᠢᠷᠡᠯ ᠭᠠᠷᠤᠯ ᠨᠢ ᠲᠣᠳᠣᠷᠬᠠᠢ ᠦᠭᠡᠢ WIFI ᠶᠢ ᠳᠤᠷ᠎ᠠ ᠪᠠᠷ ᠢᠶᠠᠨ ᠵᠠᠯᠭᠠᠵᠤ ᠪᠤᠯᠬᠤ ᠦᠭᠡᠢ᠂ ᠢᠯᠠᠩᠭᠤᠶ᠎ᠠ ᠦᠨ᠎ᠡ ᠲᠥᠯᠥᠪᠦᠷᠢ ᠦᠭᠡᠢ ᠪᠥᠭᠡᠳ ᠨᠢᠭᠤᠴᠠ ᠨᠣᠮᠧᠷ ᠴᠦ ᠬᠡᠷᠡᠭᠰᠡᠬᠦ ᠦᠭᠡᠢ WIFI ᠶᠢ ᠵᠠᠯᠭᠠᠬᠤ ᠦᠭᠡᠢ᠃            2. ᠨᠡᠶᠢᠲᠡ ᠶᠢᠨ WIFI ᠶᠢ ᠬᠡᠷᠡᠭᠯᠡᠬᠦ ᠦᠶ᠎ᠡ ᠳᠤ᠂ ᠬᠠᠮᠤᠭ ᠰᠠᠶᠢᠨ ᠨᠢ ᠬᠤᠳᠠᠯᠳᠤᠭᠠᠴᠢᠨ ᠠᠴᠠ WIFI ᠶᠢᠨ ᠪᠣᠳᠠᠲᠠᠢ ᠨᠡᠷᠡᠶᠢᠳᠦᠯ ᠢ ᠯᠠᠪᠯᠠᠨ ᠠᠰᠠᠭᠤᠵᠤ᠂ ᠰᠠᠨᠠᠮᠰᠠᠷ ᠦᠭᠡᠢ ᠪᠠᠷ ᠬᠠᠤᠯᠢ ᠪᠤᠰᠤ ᠡᠲᠡᠭᠡᠳ ᠤᠨ WIFI ᠲᠠᠢ ᠵᠠᠯᠭᠠᠵᠤ᠂ ᠵᠣᠭᠤᠰ ᠮᠥᠩᠭᠦᠨ ᠤ ᠬᠤᠬᠢᠷᠠᠯ ᠤᠴᠠᠷᠠᠬᠤ᠂ ᠨᠢᠭᠤᠴᠠ ᠨᠣᠮᠧᠷ᠂ ᠭᠡᠷ ᠪᠦᠯᠢ ᠶᠢᠨ ᠬᠠᠶ᠋ᠢᠭ ᠵᠡᠷᠭᠡ ᠬᠤᠪᠢ ᠶᠢᠨ ᠨᠢᠭᠤᠴᠠ ᠮᠡᠳᠡᠭᠡ ᠵᠠᠩᠭᠢ ᠶᠢ ᠵᠠᠳᠠᠷᠠᠭᠤᠯᠬᠤ ᠠᠴᠠ ᠵᠠᠶᠢᠯᠠᠰᠬᠢᠨ᠎ᠡ᠃            3. ᠨᠡᠶᠢᠲᠡ ᠶᠢᠨ WIFI ᠶᠢ ᠬᠡᠷᠡᠭᠯᠡᠬᠦ ᠳᠡᠭᠡᠨ ᠰᠦᠯᠵᠢᠶᠡᠨ ᠪᠠᠩᠬᠢ᠂ ᠰᠦᠯᠵᠢᠶᠡᠨ ᠳᠡᠭᠡᠷ᠎ᠡ ᠪᠠᠷᠠᠭ᠎ᠠ ᠬᠤᠳᠠᠯᠳᠤᠨ ᠠᠪᠬᠤ ᠲᠠᠩᠰᠠᠨ ᠨᠣᠮᠧᠷ ᠵᠡᠷᠭᠡ ᠠᠵᠢᠯᠯᠠᠭ᠎ᠠ ᠬᠢᠬᠦ ᠠᠴᠠ ᠵᠠᠶᠢᠯᠠᠰᠬᠢᠬᠦ ᠶᠢᠨ ᠬᠠᠮᠲᠤ᠂ ᠰᠦᠯᠵᠢᠶᠡᠨ ᠳᠤ ᠭᠠᠷᠬᠤ ᠳᠠᠳᠬᠠᠯ ᠢ ᠠᠩᠬᠠᠷᠤᠨ᠂ ᠭᠠᠷ ᠤᠲᠠᠰᠤ᠂ ᠺᠤᠮᠫᠢᠦ᠋ᠲ᠋ᠧᠷ ᠲᠤ ᠠᠮᠤᠷ ᠲᠦᠪᠰᠢᠨ ᠤ ᠰᠢᠷᠪᠢᠯᠲᠡ ᠬᠢᠬᠦ ᠬᠡᠷᠡᠭᠲᠡᠢ᠃            4. ᠭᠠᠷ ᠤᠲᠠᠰᠤ ᠶᠢᠨ ᠠᠦ᠋ᠲ᠋ᠣ᠋ ᠬᠠᠶᠢᠯᠲᠠ ᠪᠠᠷ WIFI ᠶᠢ ᠵᠠᠯᠭᠠᠬᠤ ᠴᠢᠳᠠᠮᠵᠢ ᠪᠠᠨ ᠬᠠᠭᠠᠵᠤ᠂ ᠰᠠᠨᠠᠮᠰᠠᠷ ᠦᠭᠡᠢ ᠪᠠᠷ ᠤᠷᠠᠬ᠎ᠠ ᠮᠡᠭᠡ ᠲᠠᠢ WIFI ᠶᠢ ᠵᠠᠯᠭᠠᠬᠤ ᠶᠢ ᠰᠡᠷᠭᠡᠶᠢᠯᠡᠨ᠎ᠡ᠂ ᠬᠡᠷᠪᠡ WIFI ᠵᠠᠯᠭᠠᠭᠠᠳ ᠵᠠᠷ ᠮᠡᠳᠡᠭᠡ ᠪᠤᠶᠤ ᠥᠯᠥ ᠮᠡᠳᠡᠬᠦ ᠰᠦᠯᠵᠢᠶᠡᠨ ᠬᠠᠶ᠋ᠢᠭ ᠢᠯᠡᠷᠡᠭᠰᠡᠨ ᠪᠠᠶᠢᠪᠠᠯ ᠪᠢᠲᠡᠭᠡᠢ ᠲᠣᠪᠴᠢᠳᠠᠭᠠᠷᠠᠢ᠃  
 
ᠢᠷᠡᠯᠲᠡ᠄ ᠠᠯᠠᠱᠠ ᠠᠶᠢᠮᠠᠭ ᠤᠨ ᠵᠠᠬᠢᠷᠭ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号