ᠰᠠᠷ᠎ᠠ ᠰᠢᠨ᠎ᠡ ᠪᠠᠷ ᠨᠠᠰᠣᠳᠠᠶᠢᠴᠣᠳ ᠢᠶᠠᠨ ᠪᠠᠶᠠᠷᠯᠠᠭᠤᠯᠣᠨ᠎ᠠ
ᠨᠡᠶᠢᠲᠡᠯᠡᠭᠰᠡᠨ ᠴᠠᠭ᠄
2025/2/5
  ᠬᠤᠳᠠ ᠬᠦᠳᠡᠭᠡ ᠦᠭᠡᠢ ᠴᠠᠭᠠᠨ ᠰᠠᠷ᠎ᠠ ᠶᠢᠨ ᠠᠭᠤᠷ ᠠᠮᠢᠰᠬᠤᠯ ᠪᠢᠯᠬᠠᠵᠣ᠂ ᠬᠦᠮᠦᠰ ᠠᠶᠢᠯ ᠣᠰᠣ᠂ ᠠᠬᠠᠮᠠᠳ ᠨᠠᠰᠣᠳᠠᠳ ᠢᠶᠠᠨ ᠡᠷᠬᠢᠵᠦ ᠰᠢᠨ᠎ᠡ ᠨᠢᠭᠡ ᠵᠢᠯ ᠢᠶᠠᠨ ᠪᠠᠶᠠᠷ ᠬᠦᠷ᠂ ᠠᠵᠠ ᠵᠢᠷᠭᠠᠯ ᠢ ᠪᠡᠯᠭᠡᠳᠡᠵᠦ ᠣᠭᠳᠣᠨ᠎ᠠ᠃   ᠪᠠᠶᠠᠨᠬᠤᠰᠢᠭᠤ ᠰᠣᠮᠣᠨ ᠤ ᠪᠣᠯᠠᠭᠠᠨ ᠭᠠᠴᠠᠭ᠎ᠠ ᠪᠠᠷ ᠨᠣᠳᠣᠭᠳᠠᠢ ᠮᠠᠯᠴᠢᠨ ᠵᠠᠯᠠᠭᠤ ᠬᠦᠷᠡᠯᠳᠦ᠋ᠰᠢ᠂ ᠦᠨᠦᠳᠦᠷ ᠠᠵᠢᠯ ᠬᠢᠳᠡᠯ ᠢᠶᠠᠨ ᠵᠣᠬᠢᠴᠠᠭᠤᠯᠵᠣ ᠪᠠᠷᠠᠭᠠᠳ ᠬᠤᠰᠢᠭᠤᠨ ᠲᠦᠪ ᠢ ᠲᠣᠰᠠᠬᠠᠶᠢᠯᠠᠨ ᠵᠣᠷᠢᠵᠣ᠂ ᠴᠠᠭᠠᠨ ᠰᠠᠷ᠎ᠠ ᠪᠠᠷ ᠪᠣᠳᠣᠭᠰᠠᠨ ᠨᠢᠭᠡ ᠵᠦᠢᠯ ᠢᠶᠠᠨ ᠬᠢᠬᠦ ᠶᠢ ᠶᠠᠭᠠᠷᠠᠨ ᠢᠷᠡᠵᠡᠢ᠃ ᠲᠡᠷᠡ ᠬᠦᠳᠡᠭᠡ ᠪᠠᠨ ᠠᠮᠢᠳᠣᠷᠠᠯ ᠣᠨᠳᠣᠷᠣᠯᠭ᠎ᠠ ᠪᠠᠨ ᠬᠢᠳᠡᠭ ᠪᠦᠭᠡᠳ ᠴᠠᠭ ᠴᠢᠯᠦᠭᠡ ᠪᠠᠷ ᠢᠶᠠᠨ ᠲᠡᠭᠡᠭᠡᠪᠦᠷᠢ ᠶᠢᠨ ᠮᠠᠰᠢᠨ ᠪᠠᠷᠢᠵᠣ ᠠᠮᠢᠳᠣᠷᠠᠯ ᠳᠤ ᠪᠠᠨ ᠠᠰᠢᠭ ᠣᠷᠣᠯᠭ᠎ᠠ ᠨᠡᠮᠡᠷᠢᠯᠡᠳᠡᠭ ᠠᠵᠢᠯᠰᠠᠭ ᠵᠠᠯᠠᠭᠤᠰ ᠤᠨ ᠨᠢᠭᠡ᠃ ᠮᠦᠨ ᠡᠶᠢᠨᠬᠦ ᠵᠢᠯ ᠤᠨ ᠲᠦᠷᠪᠡᠨ ᠣᠯᠠᠷᠢᠯ ᠳᠤ ᠶᠠᠭᠠᠷᠠᠵᠣ ᠶᠠᠪᠣᠬᠤ  ᠳᠠᠭᠠᠨ ᠡᠨᠡ ᠴᠠᠭᠠᠨ ᠰᠠᠷ᠎ᠠ ᠪᠠᠷ ᠬᠤᠳᠠ ᠰᠠᠭᠤᠷᠢᠨ ᠳᠤ ᠠᠮᠢᠳᠣᠷᠠᠳᠠᠭ ᠨᠠᠰᠣᠳᠠᠢ ᠬᠦᠮᠦᠰ ᠢ ᠪᠣᠯᠭᠤᠭᠠᠨ ᠲᠣᠬᠤᠨᠢᠭᠤᠯᠬᠤ ᠪᠣᠳᠣᠯ ᠣᠷᠣᠵᠣ ᠡᠨᠡ ᠡᠳᠦᠷ ᠡᠨᠡᠬᠦ ᠠᠵᠢᠯ ᠢᠶᠠᠨ ᠠᠮᠵᠢᠭᠤᠯᠬᠤ ᠭᠡᠵᠦ ᠶᠠᠭᠠᠷᠠᠵᠣ  ᠶᠠᠪᠣᠨ᠎ᠠ᠃    ᠬᠦᠷᠡᠯᠳᠦ᠋ᠰᠢ ᠡᠨᠡ ᠣᠳᠠᠭ᠎ᠠ ᠬᠤᠰᠢᠭᠤ ᠠᠷᠠᠳ ᠤᠨ ᠶᠠᠪᠣᠳᠠᠯ ᠤᠨ ᠲᠣᠪᠴᠢᠶ᠎ᠠ ᠲᠠᠢ ᠬᠠᠷᠢᠯᠴᠠᠨ᠂ ᠡᠩᠭᠡ ᠮᠡᠨᠳᠦ ᠨᠠᠰᠣᠳᠠᠶᠢᠴᠣᠳ ᠤᠨ ᠠᠰᠠᠷᠠᠮᠵᠢ ᠶᠢᠨ ᠬᠦᠷᠢᠶᠡᠯᠡᠩ ᠤᠨ ᠨᠠᠰᠣᠳᠠᠶᠢᠴᠣᠳ ᠢ ᠪᠣᠯᠭᠤᠭᠠᠨ ᠲᠣᠬᠤᠨᠢᠭᠤᠯᠬᠤ ᠪᠠᠷ ᠮᠢᠩᠭ᠎ᠠ ᠭᠠᠷᠣᠢ ᠲᠦᠭᠦᠷᠢᠭ ᠤᠨ ᠭᠤᠯᠢᠷ ᠪᠣᠳᠠᠭ᠎ᠠ ᠡᠳ᠋ ᠪᠣᠳᠠᠰ ᠪᠡᠯᠡᠳᠬᠡᠨ ᠬᠦᠷᠭᠡᠵᠦ᠂ ᠲᠡᠳᠡᠨ ᠤ ᠰᠢᠨ᠎ᠡ ᠴᠠᠭᠠᠨ ᠰᠠᠷ᠎ᠠ ᠪᠠᠨ ᠪᠠᠶᠠᠷ ᠪᠠᠶᠠᠰᠣᠯ ᠲᠠᠢ ᠥᠩᠭᠡᠷᠡᠭᠡᠬᠦ ᠶᠢ ᠬᠦᠰᠡᠵᠦ ᠪᠠᠶᠢᠭ᠎ᠠ ᠪᠠᠨ ᠢᠯᠡᠷᠬᠡᠶᠢᠯᠡᠵᠦ᠂ ᠨᠠᠰᠣᠳᠠᠳ ᠢᠶᠠᠨ ᠬᠦᠨᠳᠦᠯᠡᠳᠡᠭ ᠡᠷᠬᠢᠮ ᠰᠠᠶᠢᠬᠠᠨ ᠰᠣᠷᠳᠠᠯ ᠢ ᠪᠠᠳᠠᠷᠠᠭᠤᠯᠣᠨ᠂ ᠣᠯᠠᠨ ᠨᠠᠶᠢᠳᠡ ᠶᠢᠨ  ᠬᠠᠯᠠᠭᠤᠨ ᠲᠣᠯᠠᠭᠠᠨ ᠬᠠᠶᠢᠷ᠎ᠠ ᠬᠠᠯᠠᠮᠵᠢ ᠶᠢ ᠬᠦᠷᠭᠡᠭᠰᠡᠨ ᠪᠠᠶᠢᠨ᠎ᠠ᠃    ᠲᠡᠷᠡ ᠪᠢᠳᠡᠨ ᠳᠤ ︽ᠮᠠᠨ ᠤ ᠬᠢ ᠴᠦ ᠭᠡᠷ ᠲᠡᠭᠡᠨ ᠦᠨᠳᠦᠷ ᠨᠠᠰᠣᠳᠠᠨ ᠲᠠᠢ᠂ ᠵᠢᠯ ᠴᠠᠭᠠᠨ ᠰᠠᠷ᠎ᠠ ᠪᠠᠷ ᠨᠠᠰᠣᠳᠠᠶᠢᠴᠣᠳ ᠢᠶᠠᠨ ᠡᠷᠬᠢᠵᠦ ᠲᠣᠬᠤᠨᠢᠭᠤᠯᠬᠤ ᠨᠢ ᠣᠳᠬ᠎ᠠ ᠠᠭᠤᠯᠭ᠎ᠠ ᠲᠠᠢ ᠰᠠᠶᠢᠬᠠᠨ ᠶᠠᠪᠣᠳᠠᠯ᠂ ᠥᠪᠡᠷ ᠤᠨ ᠪᠣᠯᠣᠮᠵᠢ ᠪᠠᠷ ᠢᠶᠠᠨ ᠨᠠᠰᠣᠳᠠᠶᠢᠴᠣᠳ ᠢᠶᠠᠨ ᠪᠠᠶᠠᠷᠯᠠᠭᠤᠯᠬᠤ ᠶᠢ ᠵᠣᠷᠢᠭᠰᠠᠨ︾ ᠭᠡᠵᠦ ᠪᠠᠶᠠᠷᠳᠠᠢ ᠶᠠᠷᠢᠯ᠎ᠠ᠃            
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号