ᠲᠠᠯᠠ ᠭᠠᠷᠤᠬᠰᠠᠨ ᠨᠠᠰᠤᠳᠠᠨ ᠲᠡᠭᠦᠰᠭᠦ ᠦᠨᠡᠮᠯᠠᠯ ᠭᠠᠷᠳᠠᠬᠰᠠᠨ ᠨᠢ
ᠨᠡᠶᠢᠲᠡᠯᠡᠭᠰᠡᠨ ᠴᠠᠭ᠄
2025/1/17
   ᠪᠠᠷᠠᠭᠤᠨ ᠦᠵᠦᠮᠦᠴᠢᠨ ᠬᠤᠰᠢᠭᠤᠨ ᠤ ᠪᠠᠶᠠᠠᠬᠤᠸᠠ ᠪᠠᠯᠭᠠᠰᠤᠨ ᠤ ᠰᠠᠶᠢᠠᠠᠦ᠋ᠨᠳᠦᠷ ᠭᠠᠴᠠᠭᠠᠨ ᠤ ᠦᠯᠵᠠᠢ ᠨᠠᠷᠠᠠᠴᠡᠴᠡᠭ ᠬᠤᠶᠠᠷ ᠪᠤᠯ ᠲᠠᠯᠠᠨ ᠨᠠᠰᠤᠨ ᠤ ᠦᠨᠳᠦᠷ ᠲᠠᠪᠠᠭ᠎ᠠ ᠶᠢ ᠲᠠᠪᠠᠵᠦ ᠶᠠᠪᠤᠭ᠎ᠠ ᠪᠤᠶᠠᠨ ᠲᠠᠢ ᠨᠠᠰᠤᠳᠠᠨ ᠪᠢᠯᠡ ᠃      ᠢᠳᠡᠷ ᠵᠠᠯᠠᠭᠤ ᠨᠠᠰᠤᠨ ᠲᠠᠭᠠᠨ ᠭᠦᠳᠡᠭᠡ ᠨᠤᠳᠤᠭ ᠤᠨ ᠢᠶᠠᠨ  ᠮᠠᠯ ᠠᠵᠤ ᠠᠬᠤᠢ ᠶᠢᠨ  ᠦᠢᠯᠡᠳᠪᠤᠷᠢᠯᠡᠯ ᠳᠤ ᠭᠠᠪᠰᠢᠭᠠᠶᠢᠯᠠᠨ ᠠᠵᠢᠯᠯᠠᠵᠤ᠂ ᠨᠢᠭᠡᠳᠦᠯ ᠪᠠᠷᠢᠭᠠᠳᠠ ᠶᠢᠨ ᠱᠠᠩᠨᠠᠯ ᠭᠦᠭᠢᠭᠦᠯᠤᠯ ᠢ ᠤᠯᠠᠠᠳᠠ ᠲᠤᠰᠴᠤ ᠶᠠᠪᠤᠬᠰᠠᠨ ᠲᠡᠤᠭᠡ ᠲᠠᠢ᠃  ᠬᠤᠷᠢᠨ ᠵᠢᠯ ᠤᠨ ᠡᠮᠤᠨ᠎ᠠ ᠬᠤᠶᠠᠷ ᠣᠮᠪᠣᠯᠣ ᠪᠠᠨ ᠰᠤᠷᠭᠠᠭᠤᠯᠢ ᠳᠤ ᠰᠠᠭᠤᠯᠭᠠᠬᠤ ᠪᠠᠷ ᠬᠤᠰᠢᠭᠤᠨ ᠲᠦᠪ ᠪᠠᠯᠭᠠᠷᠭᠤᠤᠯ ᠪᠠᠯᠭᠠᠰᠤᠨ ᠳᠤ  ᠤᠷᠤᠵᠤ ᠢᠷᠡᠵᠡᠢ᠃    ᠬᠤᠶᠠᠷ ᠣᠮᠪᠣᠯᠣ ᠪᠠᠨ ᠬᠠᠷᠠᠵᠤ ᠬᠠᠷᠠᠭᠠᠯᠵᠠᠨ  ᠭᠢᠴᠢᠶᠡᠯ ᠰᠤᠷᠤᠯᠭ᠎ᠠ ᠶᠢ  ᠎ ᠨᠢ ᠠᠮᠵᠢᠯᠳᠠ ᠲᠠᠢ ᠲᠡᠭᠦᠰᠭᠡᠭᠰᠡᠨ ᠤ ᠰᠡᠭᠦᠯᠡᠷ ᠵᠦᠭᠡᠷ ᠰᠠᠭᠤᠵᠦ ᠴᠢᠳᠠᠳᠠᠭ ᠦᠭᠡᠢ ᠨᠠᠷᠠᠠᠴᠡᠴᠡᠭ ᠨᠠᠰᠤᠳᠠᠨ᠂  ᠤᠶᠤᠳᠠᠯᠴᠢᠨ ᠡᠵᠢ ᠠᠴᠠ ᠪᠠᠨ ᠰᠤᠷᠤᠬᠰᠠᠨ ᠤᠶᠤᠳᠠᠯ ᠢᠶᠠᠷ ᠢᠶᠠᠨ ᠶᠠᠭᠤ ᠨᠢᠭᠡ ᠶᠢ ᠭᠢᠵᠦ ᠤᠷᠤᠯᠳᠤᠬᠤ ᠪᠠᠷ  ᠪᠤᠯᠪᠠ  ᠃    ᠨᠠᠷᠠᠠᠴᠡᠴᠡᠭ ᠢ ᠠᠷᠪᠠᠨ  ᠭᠤᠷᠪᠠᠨ ᠨᠠᠰᠤᠨ ᠤ ᠵᠢᠯ ᠤᠷᠤᠬᠤ ᠳᠤ ᠨᠢ ᠡᠵᠢ ᠨᠢ  ᠪᠤᠰᠤᠳ ᠠᠴᠠ ᠨᠢᠭᠡ ᠦᠨᠡᠭᠡᠨ ᠠᠷᠠᠰᠤ ᠤᠯᠵᠤ᠂ ᠦᠭᠢᠨ ᠳᠤ ᠪᠠᠨ ᠦᠨᠡᠭᠡᠨ ᠪᠦᠰᠡᠯᠡᠭᠦᠷ ᠤᠶᠤᠵᠤ ᠦᠭᠴᠠᠢ᠃ ᠲᠡᠷᠡ ᠡᠵᠢ ᠶᠢᠨ ᠢᠶᠠᠨ ᠤᠶᠤᠵᠦ ᠦᠭᠭᠦᠭᠰᠡᠨ‌ᠮᠠᠯᠠᠭᠠᠢ ᠶᠢ ᠶᠡᠭᠡ ᠲᠤᠭᠤᠳᠠᠭ ᠪᠤᠯᠬᠤᠷ ᠡᠨᠡᠭᠦ ᠦᠨᠡᠭᠡᠨ ᠪᠦᠰᠡᠯᠡᠭᠦᠷ ᠢᠶᠠᠷ ᠭᠡᠪ ᠶᠠᠩᠵᠤ ᠪᠤᠯᠭᠠᠨ᠂ 2013 ᠤᠨ ᠠᠴᠠ ᠡᠭᠢᠯᠡᠨ ᠦᠨᠡᠭᠡᠨ ᠪᠦᠰᠡᠯᠡᠭᠦᠷ᠂ ᠬᠤᠷᠠᠭᠠᠨ ᠪᠦᠰᠡᠯᠡᠭᠦᠷ ᠨᠠᠰᠤᠳᠠᠶᠢᠴᠤᠳ ᠤᠨ ᠭᠤᠤᠯᠳᠠᠭᠤ ᠵᠡᠭᠦᠳᠡᠭ ᠲᠤᠭᠤᠰ ᠮᠠᠯᠠᠭᠠᠢ  ᠵᠡᠷᠭᠡ ᠶᠢ  ᠤᠶᠤᠭᠠᠳ ᠡᠳᠦᠭᠡ ᠭᠦᠷᠴᠦ ᠪᠤᠢ  ᠃
   ᠨᠠᠷᠠᠠᠴᠡᠴᠡᠭ ᠨᠠᠰᠤᠳᠠᠨ ᠵᠢᠯ ᠪᠦᠷᠢ 50 ᠭᠠᠷᠤᠢ ᠮᠠᠯᠠᠭᠠᠢ ᠤᠶᠤᠵᠤ᠂ ᠸᠢᠴᠠᠲ ᠢᠶᠠᠷ ᠢᠶᠠᠨ  ᠲᠠᠮᠵᠢᠭᠤᠯᠤᠨ᠂ ᠤᠯᠠᠭᠠᠠᠴᠠᠪ ᠬᠤᠳᠠ ᠤᠯᠠᠭᠠᠠᠬᠠᠳᠠ ᠬᠤᠳᠠ ᠪᠤᠯᠤᠨ ᠭᠦᠷᠰᠢ ᠵᠡᠷᠭᠡᠯᠡᠳᠡᠭᠡ ᠬᠤᠰᠢᠭᠤ ᠨᠤᠳᠤᠭ ᠤᠨ ᠭᠡᠷᠡᠭᠯᠡᠭᠴᠢᠳ ᠎ ᠲᠤ ᠬᠤᠳᠠᠯᠳᠤᠭᠠᠳ  ᠵᠢᠯ ᠳᠡᠭᠡᠨ 4᠎ ᠠᠴᠠ 5 ᠲᠦᠮᠡᠨ ᠲᠦᠭᠦᠷᠢᠭ ᠤᠨ  ᠤᠷᠤᠯᠭ᠎ᠠ ᠤᠯᠵᠤ  ᠪᠤᠢ᠃  
 
   ᠲᠡᠷᠡ ᠡᠵᠢ ᠠᠴᠠ ᠪᠠᠨ ᠰᠤᠷᠤᠬᠰᠠᠨ ᠪᠦᠰᠡᠯᠡᠭᠦᠷ ᠮᠠᠯᠠᠭᠠᠢ ᠤᠶᠤᠬᠤ ᠤᠷ᠎ᠠ ᠮᠡᠷᠭᠡᠵᠢᠯ ᠢᠶᠠᠨ ᠦᠭᠢᠨ ᠲᠠᠭᠠᠨ ᠵᠢᠭᠠᠵᠦ ᠰᠤᠷᠭᠠᠬᠤ ᠶᠢᠨ ᠲᠠᠭᠠᠤ᠂ ᠦᠪᠡᠷ ᠤᠨ ᠡᠰᠭᠡᠵᠦ ᠤᠶᠤᠬᠤ  ᠤᠷ᠎ᠠ ᠮᠡᠷᠭᠡᠵᠢᠯ ᠢᠶᠠᠨ ᠲᠡᠭᠡᠭᠰᠢᠯᠡᠭᠦᠯᠭᠦ ᠪᠠᠷ᠂ 2024 ᠤᠨ ᠤ 12 ᠰᠠᠷ᠎ᠠ ᠶᠢᠨ 23᠎ ᠠᠴᠠ 29᠎ ᠤ ᠡᠳᠦᠷ  ᠪᠤᠯᠳᠠᠯ᠎ᠠ ᠰᠢᠯᠤᠭᠤᠨ ᠭᠦᠭᠡ ᠬᠤᠰᠢᠭᠤᠨ ᠳᠤ ᠶᠠᠪᠤᠬᠳᠠᠬᠰᠠᠨ ᠰᠢᠯᠢ ᠶᠢᠨ ᠭᠤᠤᠯ ᠠᠶᠢᠮᠠᠭ ᠤᠨ  ᠮᠤᠩᠭᠤᠯ ᠦᠨᠳᠦᠰᠦᠳᠡᠨ ᠤ ᠬᠤᠪᠴᠠᠰᠤ ᠵᠠᠰᠠᠯ — ᠮᠠᠯᠠᠭᠠᠢ ᠶᠢᠨ ᠵᠠᠰᠠᠯ ᠤᠨ ᠤᠷ᠎ᠠ ᠮᠡᠷᠭᠡᠵᠢᠯ ᠤᠨ ᠪᠤᠯᠪᠠᠰᠤᠷᠠᠯ ᠳᠤ ᠤᠷᠤᠯᠴᠠᠭᠠᠳ ᠰᠤᠷᠤᠯᠭ᠎ᠠ ᠲᠡᠭᠦᠰᠦᠭᠰᠡᠨ ᠦᠨᠠᠮᠯᠠᠯ ᠢᠶᠠᠨ ᠪᠠᠶᠠᠷᠳᠠᠶᠢᠬᠠᠨ  ᠭᠠᠷᠳᠠᠵᠠᠢ  ᠃
    ᠪᠢ ᠴᠢᠨᠢ ᠰᠤᠷᠭᠠᠭᠤᠯᠢ ᠰᠤᠶᠤᠯ ᠤᠨ  ᠮᠦᠷ ᠭᠦᠭᠡᠭᠡᠭᠰᠡᠨ ᠦᠭᠡᠢ ᠭᠦᠮᠦᠨ᠂ ᠡᠵᠢ ᠠᠴᠠ ᠪᠠᠨ ᠰᠤᠷᠤᠬᠰᠠᠨ ᠎ ᠢᠶᠠᠷ  ᠎ ᠢᠶᠠᠨ᠂ ᠦᠪᠡᠷ ᠤᠨ ᠬᠠᠷ᠎ᠠ ᠤᠬᠠᠭᠠᠨ ᠢᠶᠠᠷ  ᠎ ᠢᠶᠠᠨ ᠯᠡ ᠤᠶᠤᠵᠤ ᠪᠠᠶᠢᠨ᠎ᠠ᠃ ᠮᠢᠨᠤ ᠤᠶᠤᠳᠠᠭ ᠪᠦᠰᠡᠯᠡᠭᠦᠷ ᠮᠠᠯᠠᠭᠠᠢ ᠶᠢᠨ ᠤᠷᠤᠢ ᠨᠢ ᠴᠡᠩᠭᠡᠷ ᠬᠦᠭᠡ ᠦᠡᠭᠭᠡ ᠶᠢᠨ ᠬᠢ ᠭᠤᠤᠯᠳᠠᠢ᠂ ᠬᠠᠴᠠᠷ ᠨᠢᠭᠤᠷ ᠲᠤ ᠨᠠᠭᠠᠯᠳᠤᠭᠤᠷ ᠲᠠᠢ ᠪᠠᠶᠢᠳᠠᠭ ᠪᠤᠯᠬᠤᠷ᠂ ᠤᠯᠠᠨ ᠭᠦᠮᠦᠨ  ᠠᠪᠳᠠᠭ᠃ ᠪᠢ ᠴᠢᠨᠢ ᠤᠳᠤ ᠲᠠᠯᠠ ᠭᠦᠷᠴᠢᠭᠡᠯ᠎ᠠ᠃ ᠪᠡᠷᠢᠶᠡᠳ ᠬᠡᠤᠬᠡᠳ ᠎ ᠤᠳ ᠲᠤ ᠪᠠᠨ  ᠪᠦᠰᠡᠯᠡᠭᠦᠷ ᠮᠠᠯᠠᠭᠠᠢ ᠤᠶᠤᠬᠤ ᠶᠢ ᠵᠢᠭᠠᠵᠤ ᠪᠠᠶᠢᠨ᠎ᠠ᠃ ᠡᠨᠡ ᠤᠳᠠᠭ᠎ᠠ ᠰᠢᠯᠤᠭᠤᠨ ᠭᠦᠭᠡ ᠬᠤᠰᠢᠭᠤᠨ ᠳᠤ ᠤᠴᠢᠭᠠᠳ ᠤᠯᠠᠨ ᠶᠠᠭᠤᠮ᠎ᠠ ᠰᠤᠷᠤᠯ᠎ᠠ᠂ ᠰᠤᠷᠤᠯᠭ᠎ᠠ ᠲᠡᠭᠦᠰᠭᠦ ᠦᠨᠠᠮᠯᠠᠯ ᠴᠤ ᠤᠯᠴᠢᠬᠠᠯ᠎ᠠ᠃ ᠡᠨᠡ ᠪᠤᠯ ᠮᠢᠨᠤ ᠨᠢᠭᠡ ᠨᠠᠰᠤᠨ ᠤ ᠴᠤᠷ ᠤᠨ ᠭᠠᠭᠴᠠ ᠰᠤᠷᠤᠯᠭ᠎ᠠ ᠲᠡᠭᠦᠰᠦᠭᠰᠡᠨ ᠦᠨᠡᠮᠯᠡᠯ ᠰᠢᠤ ᠭᠡᠵᠤ ᠨᠠᠷᠠᠠᠴᠡᠴᠡᠭ ᠨᠠᠰᠤᠳᠠᠨ ᠰᠤᠷᠪᠤᠯᠵᠢᠯᠠᠭ᠎ᠠ ᠶᠢ ᠮᠠᠨᠢ ᠭᠦᠯᠢᠶᠡᠭᠦ ᠳᠡᠭᠡᠨ ᠲᠤᠩ ᠪᠠᠶᠠᠷᠲᠠᠢ ᠶᠠᠷᠢᠵᠤ ᠪᠢᠯᠡ᠃      ᠨᠠᠷᠠᠠᠴᠡᠴᠡᠭ ᠨᠠᠰᠤᠳᠠᠨ ᠦᠪᠦᠷ ᠮᠤᠩᠭᠤᠯ ᠤᠨ  ᠲᠠᠭᠤᠤ ᠭᠦᠭᠵᠢᠮ ᠲᠦᠷᠰᠦ ᠰᠢᠩᠭᠡᠭᠡᠯᠳᠡ ᠶᠢᠨ  ᠭᠡᠪᠯᠡᠯ ᠎ ᠤᠨ  ᠬᠤᠷᠢᠶ᠎ᠠ ᠠᠴᠠ ᠭᠡᠪᠯᠡᠭᠰᠡᠨ  ︿︿ᠤᠯᠠᠮᠵᠢᠯᠠᠯᠳᠦ ᠭᠠᠷ  ᠤᠷᠠᠯᠠᠯ﹀﹀  ᠭᠡᠭᠦ ᠨᠤᠮ ᠳᠤ ᠠᠯᠳᠡᠷ ᠨᠡᠷ᠎ᠡ ᠪᠠᠨ ᠲᠡᠮᠳᠡᠭᠯᠡᠭᠦᠯᠵᠦ᠂ ᠨᠠᠰᠤᠳᠠᠶᠢᠴᠤᠳ ᠤᠨ ᠤᠷ᠎ᠠ ᠴᠢᠳᠠᠪᠤᠷᠢ ᠶᠢᠨ ᠤᠷᠤᠯᠳᠤᠭᠠᠨ ᠵᠡᠷᠭᠡ ᠤᠯᠠᠨ ᠨᠡᠶᠢᠳᠡ ᠶᠢᠨ ᠭᠦᠳᠡᠯᠭᠡᠭᠡᠨ ᠳᠤ ᠪᠠᠶᠢᠡᠭᠭᠤ ᠤᠷᠤᠯᠴᠠᠨ᠂ ᠦᠳᠡᠯᠦᠭᠡ ᠨᠠᠰᠤ ᠪᠠᠨ ᠪᠠᠶᠠᠷ ᠵᠢᠷᠭᠠᠯ  ᠎ ᠲᠠᠢ᠂ ᠤᠳᠬ᠎ᠠ ᠠᠭᠤᠯᠭ᠎ᠠ ᠲᠠᠢ ᠦᠡᠭᠭᠡᠷᠡᠭᠡᠵᠦ  ᠪᠠᠶᠢᠨ᠎ᠠ  ᠃  
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号