ᠡᠪᠦᠯ ᠤᠨ ᠤᠯᠠᠷᠢᠯ ᠤᠨ ᠰᠣᠶᠣᠯ ᠵᠢᠭᠤᠯᠴᠢᠯᠠᠯ ᠤᠨ ᠨᠠᠶᠢᠷ ᠤᠨ ᠵᠠᠮ ᠬᠠᠷᠢᠯᠴᠠᠭᠠᠨ ᠤ ᠠᠮᠣᠷ ᠳᠥᠪᠰᠢᠨ ᠡᠮᠬᠢ ᠳᠢᠭᠯᠢᠮ ᠢ ᠪᠥᠬᠦ ᠬᠦᠴᠦᠨ ᠢᠶᠠᠷ ᠢᠶᠠᠨ ᠪᠠᠲᠤᠯᠠᠪᠠ
ᠨᠡᠶᠢᠲᠡᠯᠡᠭᠰᠡᠨ ᠴᠠᠭ᠄
2025/1/14
    ᠪᠠᠷᠠᠭᠤᠨ ᠦᠵᠦᠮᠦᠴᠢᠨ ᠬᠤᠰᠢᠭᠤᠨ ᠤ ︽ᠮᠥᠩᠭᠦᠨ ᠡᠪᠦᠯ ᠤᠨ ᠦᠵᠦᠮᠦᠴᠢᠨ ᠳᠤ ᠪᠤᠯᠵᠤᠶ᠎ᠠ︾ ᠡᠪᠦᠯ ᠤᠨ ᠤᠯᠠᠷᠢᠯ ᠤᠨ ᠰᠣᠶᠣᠯ  ᠵᠢᠭᠤᠯᠴᠢᠯᠠᠯ ᠤᠨ ᠨᠠᠶᠢᠷ  ᠡᠬᠢᠯᠡᠭᠰᠡᠨ ᠠᠴᠠ ᠨᠠᠰᠢ ᠭᠠᠳᠠᠨ᠎ᠠ ᠣᠷᠣᠨ  ᠤ ᠵᠢᠭᠤᠯᠴᠢᠯᠠᠭᠰᠠᠳ ᠪᠠ ᠰᠦᠯᠵᠢᠶᠡᠨ ᠣᠳᠣ ᠵᠡᠷᠭᠡ ᠣᠯᠠᠨ ᠬᠦᠮᠦᠰ ᠤᠨ ᠠᠩᠬᠠᠷᠤᠯ ᠢ ᠶᠡᠬᠡᠳᠡ ᠲᠠᠳᠠᠵᠠᠢ᠃ ᠠᠵᠢᠯᠯᠠᠭᠠᠨ ᠤ ᠬᠤᠭᠤᠴᠠᠭᠠᠨ ᠳᠠᠬᠢ ᠵᠠᠮ ᠬᠠᠷᠢᠯᠴᠠᠭᠠᠨ ᠤ ᠠᠮᠤᠷ ᠲᠦᠪᠰᠢᠨ ᠤ ᠬᠠᠮᠠᠭᠠᠯᠠᠯᠲᠠ ᠶᠢᠨ ᠠᠵᠢᠯ ᠢ ᠰᠠᠶᠢᠲᠤᠷ ᠬᠢᠬᠦ ᠶᠢᠨ ᠲᠣᠰᠠᠳᠠ᠂ ᠪᠠᠷᠠᠭᠤᠨ ᠦᠵᠦᠮᠦᠴᠢᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ  ᠲᠤᠪᠴᠢᠶᠠᠨ ᠤ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠶᠡᠭᠡ ᠠᠩᠭᠢ  ᠨᠢ ᠡᠪᠦᠯ ᠤᠨ ᠤᠯᠠᠷᠢᠯ ᠤᠨ ᠰᠣᠶᠣᠯ ᠵᠢᠭᠤᠯᠴᠢᠯᠠᠯ ᠤᠨ ᠠᠵᠢᠯᠯᠠᠭᠠᠨ ᠤ ᠬᠤᠭᠤᠴᠠᠭᠠᠨ ᠳᠠᠬᠢ ᠠᠮᠤᠷ ᠲᠦᠪᠰᠢᠨ ᠤ ᠬᠠᠮᠠᠭᠠᠯᠠᠯᠲᠠ ᠶᠢᠨ ᠶᠡᠷᠦᠩᠬᠡᠢ ᠪᠠᠶᠢᠷᠢᠯᠠᠭᠤᠯᠤᠯᠲᠠ ᠶᠢᠨ ᠱᠠᠭᠠᠷᠳᠠᠯᠭ᠎ᠠ ᠶᠢᠨ ᠲᠣᠭᠤᠷᠢᠨ ᠳᠤ᠂ ᠪᠥᠬᠦ ᠴᠠᠭᠳᠠᠭ᠎ᠠ  ᠠᠵᠢᠯᠲᠠᠨ ᠢ ᠳᠠᠶᠢᠴᠢᠯᠠᠨ᠂ ᠤᠷᠢᠳᠴᠢᠯᠠᠨ ᠪᠠᠶᠢᠷᠢᠯᠠᠭᠤᠯᠵᠤ᠂ ᠣᠯᠠᠨ ᠵᠦᠢᠯ ᠤᠨ ᠠᠷᠭ᠎ᠠ ᠬᠡᠮᠵᠢᠶ᠎ᠡ ᠶᠢ ᠵᠡᠷᠭᠡᠪᠡᠷ ᠬᠡᠷᠡᠭᠵᠢᠭᠦᠯᠦᠨ᠂ ᠰᠢᠷᠢᠰ ᠠᠵᠢᠯᠯᠠᠭᠠᠨ ᠤ ᠡᠯ᠎ᠡ ᠲᠠᠯᠠᠪᠠᠶ ᠵᠢᠴᠢ ᠡᠷᠬᠢᠨ ᠲᠣᠭᠤᠷᠢᠨ ᠤ ᠵᠠᠮ ᠬᠠᠷᠢᠯᠴᠠᠭᠠᠨ ᠤ ᠠᠮᠤᠷ ᠳᠦᠪᠰᠢᠨ ᠢ ᠪᠠᠲᠤᠯᠠᠵᠤ᠂ ᠡᠪᠦᠯ ᠤᠨ ᠤᠯᠠᠷᠢᠯ ᠤᠨ ᠰᠣᠶᠣᠯ ᠵᠢᠭᠤᠯᠴᠢᠯᠠᠯ ᠤᠨ ᠨᠠᠶᠢᠷ ᠤᠨ ᠣᠷᠣᠭᠰᠢᠲᠠᠢ ᠶᠠᠪᠤᠭᠳᠠᠬᠤ ᠶᠢ ᠪᠥᠬᠦ ᠬᠦᠴᠦᠨ ᠢᠶᠠᠷ ᠢᠶᠠᠨ ᠪᠠᠲᠤᠯᠠᠭᠰᠠᠨ ᠪᠠᠶᠢᠨ᠎ᠠ  ᠃    ᠠᠵᠢᠯᠯᠠᠭᠠᠨ ᠤ ᠬᠤᠭᠤᠴᠠᠭᠠᠨ ᠳᠤ᠂ ᠪᠠᠷᠠᠭᠤᠨ ᠦᠵᠦᠮᠦᠴᠢᠨ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠤᠪᠴᠢᠶᠠᠨ ᠤ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠶᠡᠭᠡ ᠠᠩᠭᠢ ᠨᠢ ᠰᠣᠶᠣᠯ ᠵᠢᠭᠤᠯᠴᠢᠯᠠᠯ ᠤᠨ ᠨᠠᠶᠢᠷ ᠤᠨ ᠵᠠᠮ ᠱᠤᠭᠤᠮ ᠤᠨ ᠲᠣᠬᠢᠷᠠᠭᠤᠯᠤᠯᠲᠠ ᠶᠢ ᠦᠨᠳᠦᠰᠦᠯᠡᠨ᠂ ︽99  ᠨᠣᠮᠧᠷᠲᠦ ᠠᠶᠠᠯᠠᠯ ᠤᠨ ᠵᠠᠮ︾ ᠵᠢᠴᠢ ᠡᠷᠬᠢᠨ ᠲᠣᠭᠤᠷᠢᠨ ᠤ ᠵᠠᠮ ᠱᠤᠭᠤᠮ ᠤᠨ ᠠᠮᠤᠷ ᠲᠦᠪᠰᠢᠨ ᠤ ᠬᠡᠮ ᠰᠣᠭᠤᠭ ᠤᠨ ᠪᠠᠶᠢᠴᠠᠭᠠᠯᠲᠠ ᠶᠢ ᠰᠠᠶᠢᠲᠤᠷ ᠬᠢᠵᠦ᠂ ᠵᠠᠮ ᠬᠠᠷᠢᠯᠴᠠᠭᠠᠨ ᠤ ᠢᠯᠡᠳᠬᠡᠮᠵᠢ ᠲᠡᠮᠳᠡᠭ᠂ ᠰᠡᠷᠭᠡᠶᠢᠯᠡᠨ ᠬᠠᠮᠠᠭᠠᠯᠠᠬᠤ ᠲᠥᠬᠦᠭᠡᠷᠦᠮᠵᠢ ᠵᠡᠷᠭᠡ ᠶᠢ ᠭᠤᠣᠯᠳᠠᠯᠭ᠎ᠠ ᠲᠠᠢ ᠪᠠᠶᠢᠴᠠᠭᠠᠵᠤ᠂ ᠬᠡᠰᠡᠭ ᠡᠪᠳᠡᠷᠡᠵᠦ ᠰᠦᠢᠳᠦᠭᠰᠡᠨ ᠵᠠᠮ ᠤᠨ ᠬᠡᠰᠡᠭ ᠪᠠ ᠢᠯᠡᠳᠬᠡᠮᠵᠢ ᠲᠡᠮᠳᠡᠭ ᠢ ᠴᠠᠭ ᠲᠤᠬᠠᠢ ᠳᠤᠨᠢ ᠵᠠᠰᠠᠨ ᠰᠡᠷᠭᠦᠭᠡᠵᠦ᠂ ᠠᠮᠠᠷᠬᠠᠨ ᠲᠦᠭᠵᠢᠷᠡᠬᠦ ᠵᠠᠮ ᠤᠨ ᠬᠡᠰᠡᠭ ᠲᠤ ᠴᠠᠭᠳᠠᠭᠠᠨ ᠤ ᠬᠦᠴᠦᠨ ᠢ ᠨᠡᠮᠡᠨ ᠲᠣᠮᠢᠯᠠᠵᠤ ᠵᠠᠮ ᠬᠠᠷᠢᠯᠴᠠᠭᠠᠨ ᠤ ᠲᠥᠭᠵᠢᠷᠡᠯ ᠢ ᠪᠦᠲᠦᠮᠵᠢᠲᠡᠢ ᠰᠡᠷᠭᠡᠶᠢᠯᠡᠭᠰᠡᠨ ᠪᠠᠶᠢᠨ᠎ᠠ  ᠃  ᠡᠭᠦᠨ ᠤ ᠵᠡᠷᠭᠡ ᠠᠵᠢᠯᠯᠠᠭᠠᠨ ᠤ ᠪᠣᠳᠠᠲᠠᠢ ᠪᠠᠶᠢᠳᠠᠯ ᠢ ᠦᠨᠳᠦᠰᠦᠯᠡᠨ᠂ ᠬᠡᠰᠡᠭ ᠵᠠᠮ ᠱᠤᠭᠤᠮ ᠳᠤ ᠲᠦᠷ ᠴᠠᠭ ᠤᠨ ᠵᠠᠬᠢᠷᠤᠨ ᠬᠠᠮᠢᠶᠠᠷᠤᠯᠲᠠ ᠬᠢᠵᠦ᠂ ᠡᠬᠢᠯᠡᠯᠲᠡ ᠶᠢᠨ ᠶᠣᠰᠣᠯᠠᠯ᠂ ᠬᠤᠸᠠᠷ ᠫᠤᠤᠵᠢᠩ ᠤᠨ ᠦᠵᠡᠭᠦᠯᠦᠯᠭᠡ ᠵᠡᠷᠭᠡ ᠬᠥᠮᠥᠨ ᠣᠯᠠᠨ᠂ ᠲᠡᠷᠭᠡ ᠤᠨᠤᠭ᠎ᠠ ᠣᠯᠠᠨ ᠦᠶ᠎ᠡ ᠳᠤ ᠵᠠᠮ ᠰᠤᠭᠤᠮ  ᠢ ᠲᠦᠷ ᠪᠢᠲᠡᠭᠦᠮᠵᠢᠯᠡᠬᠦ ᠪᠤᠶᠤ ᠬᠢᠵᠠᠭᠠᠷᠯᠠᠬᠤ ᠠᠷᠭ᠎ᠠ ᠬᠡᠮᠵᠢᠶ᠎ᠡ ᠠᠪᠴᠤ᠂ ᠲᠡᠷᠭᠡ ᠬᠥᠰᠬᠡ ᠶᠢ ᠲᠤᠭᠤᠷᠢᠭᠤ ᠵᠠᠮ ᠢᠶᠠᠷ ᠶᠠᠪᠤᠬᠤ ᠶᠢ ᠵᠢᠯᠤᠭᠤᠳᠴᠤ ᠲᠤᠬᠠᠢ ᠶᠢᠨ ᠲᠠᠯᠠᠪᠠᠶ ᠵᠢᠴᠢ ᠡᠷᠬᠢᠨ ᠲᠣᠭᠤᠷᠢᠨ ᠤ ᠵᠠᠮ ᠬᠠᠷᠢᠯᠴᠠᠭᠠᠨ ᠤ ᠡᠮᠬᠢ ᠳᠢᠭᠯᠢᠮ ᠲᠠᠢ ᠪᠠᠶᠢᠬᠤ ᠶᠢ  ᠪᠠᠲᠤᠯᠠᠵᠠᠢ᠃    ᠠᠵᠢᠯᠯᠠᠭ᠎ᠠ ᠶᠢᠨ ᠪᠦᠬᠦ᠋ᠢᠯᠡ ᠬᠤᠭᠤᠴᠠᠭᠠᠨ ᠳᠤ᠂ ᠵᠢᠵᠢᠭᠦᠷᠯᠡᠵᠦ ᠪᠠᠶᠢᠭ᠎ᠠ ᠠᠷᠠᠳ ᠤᠨ ᠴᠠᠭᠳᠠᠭ᠎ᠠ ᠨᠠᠷ ᠢᠮᠠᠭᠲᠠ ᠠᠵᠢᠯ ᠤᠨ ᠪᠠᠶᠢᠷᠢ ᠪᠠᠨ ᠪᠠᠲᠤ ᠰᠠᠬᠢᠵᠤ᠂ ᠵᠠᠮ ᠬᠠᠷᠢᠯᠴᠠᠭᠠᠨ ᠤ ᠰᠠᠭᠠᠳ ᠦᠭᠡᠢ ᠨᠡᠪᠲᠡᠷᠡᠬᠦ ᠶᠢ  ᠪᠠᠲᠤᠯᠠᠵᠤ᠂ ᠵᠢᠱᠢᠶᠡᠯᠡᠬᠦ ᠳᠤ᠂ 1 ᠰᠠᠷ᠎ᠠ ᠶᠢᠨ 12 ᠤᠨ ᠡᠳᠦᠷ ᠤᠨ ᠲᠡᠮᠡᠭᠡᠨ ᠰᠣᠶᠣᠯ ᠤᠨ ᠨᠠᠶᠢᠷ ᠤᠨ ᠲᠠᠯᠠᠪᠠᠶ ᠳᠤ᠂ ᠵᠢᠵᠢᠭᠦᠷ ᠤᠨ ᠴᠠᠭᠳᠠᠭ᠎ᠠ  ᠨᠠᠷ ᠥᠷᠯᠥᠭᠡ  ᠡᠷᠲᠡ ᠶᠢᠨ 5 ᠴᠠᠭ ᠲᠤ  ᠠᠵᠢᠯ ᠤᠨ ᠪᠠᠶᠢᠷᠢ ᠳᠠᠭᠠᠨ  ᠭᠠᠷᠴᠤ  ᠂  ᠬᠡᠭᠡᠷ᠎ᠡ ᠭᠠᠳᠠᠨ᠎ᠠ ᠡᠪᠦᠯ ᠤᠨ ᠲᠡᠰᠬᠢᠮ᠎ᠠ ᠬᠦᠢᠲᠡᠨ ᠳᠤ ᠴᠤ ᠠᠵᠢᠯ ᠤᠨ ᠡᠭᠦᠷᠭᠡ ᠬᠠᠷᠢᠭᠤᠴᠠᠯᠭ᠎ᠠ ᠪᠠᠨ ᠬᠢᠴᠢᠶᠡᠩᠭᠦᠢ ᠭᠦᠢᠴᠡᠳᠬᠡᠵᠦ᠂ ᠠᠵᠢᠯᠯᠠᠭ᠎ᠠ ᠶᠢᠨ ᠬᠤᠭᠤᠴᠠᠭᠠᠨ ᠳᠠᠬᠢ ᠵᠠᠮ ᠬᠠᠷᠢᠯᠴᠠᠭᠠᠨ ᠤ ᠠᠮᠣᠷ ᠳᠥᠪᠰᠢᠨ ᠡᠮᠬᠢ ᠲᠢᠭᠯᠢᠮ  ᠲᠠᠢ ᠪᠠᠶᠢᠬᠤ ᠶᠢ ᠪᠠᠲᠤᠯᠠᠭᠰᠠᠨ ᠪᠠᠶᠢᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号