ᠨᠠᠯᠠᠭᠠᠷ ᠨᠠᠮᠤᠷ ᠢᠶᠠᠨ ᠴᠢᠮᠡᠭᠰᠡᠨ ᠬᠠᠳᠤᠯᠠᠩᠴᠢᠳ
ᠨᠡᠶᠢᠲᠡᠯᠡᠭᠰᠡᠨ ᠴᠠᠭ᠄
2024/9/9
   ᠦᠵᠦᠮᠦᠴᠢᠨ ᠨᠤᠳᠤᠭ ᠤᠨ ᠦᠷᠭᠡᠨ ᠲᠠᠯ᠎ᠠ ᠳᠤ ᠨᠠᠯᠠᠭᠠᠷ ᠨᠠᠮᠤᠷ ᠰᠠᠭᠠᠳᠠᠵᠤ᠂ ᠦᠵᠡᠮᠵᠢ ᠪᠦᠷᠢᠳᠦᠭᠰᠡᠨ ᠬᠦᠳᠡᠭᠡ ᠨᠤᠳᠤᠭ ᠡᠯᠪᠡᠭ ᠬᠤᠷᠢᠶᠠᠯᠲᠠ ᠪᠠᠷ ᠬᠠᠯᠢᠭᠤᠷᠠᠬᠤ ᠳᠤ ᠲᠠᠯ᠎ᠠ ᠪᠠᠨ ᠴᠢᠮᠡᠭᠰᠡᠨ ᠬᠠᠳᠤᠯᠠᠩᠴᠢᠳ ᠶᠠᠭᠠᠷᠠᠯᠲᠠᠢ ᠮᠦᠷᠳᠡᠭᠡᠨ ᠪᠠᠶᠠᠰᠤᠯᠲᠠᠢ᠃
   ᠮᠠᠨ ᠤ ᠰᠤᠷᠪᠤᠯᠵᠢᠯᠠᠭ᠎ᠠ ᠶᠢᠨ ᠪᠠᠭ ᠤᠨ ᠬᠢᠨ ᠪᠦᠷᠢᠳᠦᠨ ᠭᠠᠴᠠᠭᠠᠨ ᠤ ᠬᠠᠳᠤᠯᠠᠩ ᠤᠨ ᠲᠠᠯᠠᠪᠠᠢ ᠳᠤ ᠬᠦᠷᠬᠦ ᠳᠤ ︽ᠪᠦᠷᠢᠳᠦᠨ ᠭᠤᠪᠢ︾ ᠮᠠᠯᠵᠢᠯ ᠤᠨ ᠲᠤᠰᠬᠠᠢ ᠬᠤᠷᠰᠢᠶᠡᠵᠢᠯ ᠤᠨ ᠬᠠᠳᠤᠯᠠᠩ ᠤᠨ ᠪᠠᠭ ᠬᠠᠳᠤᠵᠤ᠂ ᠪᠤᠭᠤᠵᠢᠯᠠᠵᠤ᠂ ᠲᠡᠭᠡᠭᠡᠪᠦᠷᠢᠯᠡᠬᠦ ᠭᠡᠳ ᠦᠪᠡᠷ ᠦᠪᠡᠷ ᠤᠨ ᠠᠵᠢᠯ ᠳᠠᠭᠠᠨ ᠶᠠᠭᠠᠷᠠᠨ᠂ ᠠᠵᠢᠯ ᠤᠷᠤᠭᠰᠢᠲᠠᠢ᠂ ᠢᠨᠢᠶᠡᠲᠦ ᠲᠦᠭᠦᠷᠡᠩ ᠪᠢᠳᠡᠨ  ᠢ ᠤᠭᠳᠤᠯ᠎ᠠ᠃    ᠤᠶᠢᠯᠠᠭᠠᠭᠰᠠᠨ ᠢᠶᠠᠷ᠂ ︽ᠪᠦᠷᠢᠳᠦᠨ ᠭᠤᠪᠢ︾ ᠮᠠᠯᠵᠢᠯ ᠤᠨ ᠲᠤᠰᠬᠠᠢ ᠬᠤᠷᠰᠢᠶᠡᠵᠢᠯ ᠢ ᠪᠠᠶᠠᠠᠬᠤᠰᠢᠭᠤ ᠰᠤᠮᠤᠨ ᠤ ᠪᠦᠷᠢᠳᠦᠨ ᠭᠠᠴᠠᠭᠠᠨ ᠤ ᠲᠡᠮᠦᠷᠴᠢᠯᠠᠭᠤ᠂ ᠳ᠋ᠠᠮᠪᠠ᠂ ᠶᠤᠨᠳᠤᠨ᠂ ᠰᠤᠳᠤ᠂ ᠰᠤᠳᠤᠡᠷᠳᠡᠨᠢ ᠵᠡᠷᠭᠡ ᠲᠠᠪᠤᠨ ᠮᠠᠯᠴᠢᠨ ᠡᠷᠦᠬᠡ ᠪᠡᠯᠡ ᠨᠡᠶᠢᠯᠡᠬᠦᠯᠦᠨ᠂ 2021 ᠤᠨ ᠤ 4 ᠰᠠᠷ᠎ᠠ ᠳᠤ ᠲᠠᠩᠰᠠᠯᠠᠭᠤᠯᠤᠨ ᠪᠠᠶᠢᠭᠤᠯᠵᠤ᠂ ᠭᠤᠤᠯᠳᠠᠭᠤ ᠮᠠᠯ ᠠᠵᠤ ᠠᠬᠤᠢ  ᠶᠢᠨ ᠡᠵᠡᠩᠨᠡᠯᠲᠡ ᠶᠢᠨ ᠬᠦᠷᠢᠶ᠎ᠡ ᠬᠡᠪᠴᠢᠶᠡᠨ ᠳᠠᠬᠢ ᠡᠪᠡᠰᠦ ᠬᠠᠳᠤᠯᠠᠩ᠂ ᠮᠠᠯ ᠲᠡᠵᠢᠭᠡᠯᠭᠡ᠂ ᠮᠠᠯ ᠤᠨ ᠠᠰᠢᠭ ᠰᠢᠮ᠎ᠡ ᠶᠢᠨ ᠭᠠᠷᠭᠠᠯᠲᠠ᠂ ᠮᠠᠯ ᠠᠵᠤ ᠠᠬᠤᠢ ᠶᠢᠨ ᠲᠠᠭᠠᠯᠲᠠ ᠪᠦᠳᠦᠭᠡᠭᠳᠡᠬᠦᠨ ᠤ ᠦᠢᠯᠡᠳᠪᠦᠷᠢᠯᠡᠯ ᠪᠤᠷᠤᠯᠠᠭᠤᠯᠤᠯᠲᠠ ᠵᠡᠷᠭᠡ ᠠᠵᠤ ᠦᠢᠯᠡᠰ ᠢ ᠡᠵᠡᠩᠨᠡᠬᠦ ᠮᠠᠯ ᠠᠵᠤ ᠠᠬᠤᠢ ᠶᠢᠨ ᠦᠢᠯᠡᠳᠪᠦᠷᠢᠯᠡᠯ ᠡᠵᠡᠩᠨᠡᠯᠲᠡ ᠬᠢᠵᠦ᠂ ᠦᠨᠦ ᠵᠢᠯ ᠲᠦᠷᠪᠡᠳᠡᠬᠢ ᠵᠢᠯ ᠳᠡᠭᠡᠨ ᠬᠢᠯᠠᠷᠠᠭᠤᠯᠵᠤ ᠶᠠᠪᠤᠭ᠎ᠠ ᠬᠠᠮᠳᠤ ᠤᠯᠠᠨ ᠪᠤᠯᠤᠨ᠎ᠠ᠃
    ︽ᠪᠦᠷᠢᠳᠦᠨ ᠭᠤᠪᠢ︾ ᠮᠠᠯᠵᠢᠯ ᠤᠨ ᠲᠤᠰᠬᠠᠢ ᠬᠤᠷᠰᠢᠶᠠᠵᠢᠯ ᠤᠨ ᠬᠠᠮᠳᠤ ᠤᠯᠠᠨ ᠨᠢ 8 ᠰᠠᠷ᠎ᠠ ᠶᠢᠨ 28 ᠤ ᠡᠲᠦᠷ ᠠᠴᠠ ᠨᠠᠮᠤᠷ ᠤᠨ ᠬᠠᠳᠤᠯᠠᠩ ᠤᠨ ᠠᠵᠢᠯ ᠢᠶᠠᠨ ᠡᠬᠢᠯᠡᠵᠦ᠂ ᠲᠦᠷᠪᠡᠨ ᠬᠤᠤᠰ ᠬᠢᠳᠤᠭ᠎ᠠ ᠲᠠᠢ ᠮᠠᠰᠢᠨ ᠲᠷᠠᠺᠲ᠋ᠤᠷ᠂ ᠨᠢᠭᠡ ᠢᠵᠢ ᠡᠪᠡᠰᠦ ᠪᠤᠭᠤᠵᠢᠯᠠᠬᠤ ᠮᠠᠰᠢᠨ᠂ ᠬᠤᠶᠠᠷ ᠲᠤᠮᠳᠠ ᠬᠡᠯᠪᠡᠷᠢ ᠶᠢᠨ ᠠᠴᠢᠶᠠᠨ ᠤ ᠮᠠᠰᠢᠨ᠂ ᠨᠢᠭᠡ ᠲᠤᠮᠤ ᠬᠡᠯᠪᠡᠷᠢ  ᠶᠢᠨ ᠠᠴᠢᠶᠠᠨ ᠤ ᠮᠠᠰᠢᠨ ᠬᠦᠳᠡᠯᠭᠡᠨ᠂ ᠲᠤᠰ ᠭᠠᠴᠠᠭ᠎ᠠ ᠪᠤᠯᠤᠨ ᠤᠶᠢᠷ᠎ᠠ ᠤᠷᠴᠢᠮ ᠤᠨ ᠭᠠᠴᠠᠭ᠎ᠠ ᠰᠤᠮᠤᠨ ᠤ ᠠᠶᠢᠯ ᠳᠤ ᠡᠪᠡᠰᠦ ᠬᠠᠳᠤᠵᠤ᠂ ᠪᠤᠭᠤᠵᠢᠯᠠᠵᠤ᠂ ᠲᠡᠭᠡᠭᠡᠪᠦᠷᠢᠯᠡᠬᠦ ᠢᠵᠢ ᠪᠦᠷᠢᠳᠦᠭᠰᠡᠨ ᠲᠤᠰᠬᠠᠢ ᠦᠢᠯᠡᠴᠢᠯᠡᠭᠡ ᠬᠠᠩᠭᠠᠨ᠂ ᠬᠠᠯᠢᠭᠤᠨ ᠨᠠᠮᠤᠷ ᠤᠨ ᠬᠠᠳᠤᠯᠠᠩ ᠤᠨ ᠶᠠᠭᠠᠷᠠᠯᠲᠠᠢ ᠤᠯᠠᠷᠢᠯ ᠳᠤ ᠲᠤᠰᠠ ᠲᠡᠮ ᠦᠵᠡᠬᠦᠯᠬᠦ ᠶᠢᠨ ᠬᠠᠮᠲᠤ ᠮᠠᠯᠵᠢᠯ ᠤᠨ ᠪᠤᠰᠤ ᠤᠷᠤᠯᠭ᠎ᠠ ᠡᠬᠦᠳᠦᠨ ᠠᠮᠢᠳᠤᠷᠠᠯ ᠦᠢᠯᠡᠳᠪᠦᠷᠢᠯᠡᠯ ᠳᠡᠭᠡᠨ ᠨᠡᠮᠡᠷᠢᠯᠡᠨ᠎ᠡ᠃   ᠡᠶᠢᠨᠬᠦ ᠤᠬᠤᠷᠬᠠᠨ ᠨᠢᠭᠡ ᠭᠠᠷᠠᠭ ᠤᠨ ᠬᠤᠭᠤᠴᠠᠭᠠᠨ ᠳᠤ ︽ᠪᠦᠷᠢᠳᠦᠨ ᠭᠤᠪᠢ︾ ᠮᠠᠯᠵᠢᠯ ᠤᠨ ᠲᠤᠰᠬᠠᠢ ᠬᠤᠷᠰᠢᠶᠡᠵᠢᠯ ᠤᠨ ᠪᠠᠭ ᠤᠨ ᠬᠢᠨ 1 ᠲᠦᠮᠡ ᠭᠠᠷᠤᠢ ᠮᠦ ᠬᠠᠳᠤᠯᠠᠩ ᠬᠠᠳᠤᠵᠤ᠂ 600 ᠵᠢᠩ ᠤᠨ ᠪᠤᠭᠤᠯᠲᠠ ᠲᠠᠢ ᠡᠪᠡᠰᠦ 2000 ᠭᠠᠷᠤᠢ ᠪᠤᠭᠤᠯᠲᠠ ᠪᠤᠭᠤᠵᠢᠯᠠᠵᠤ᠂1000 ᠭᠠᠷᠤᠢ ᠪᠤᠭᠤᠯᠲᠠ ᠲᠠᠢ ᠡᠪᠡᠰᠦ ᠲᠡᠭᠡᠭᠡᠪᠦᠷᠢᠯᠡᠨ ᠣᠷᠤᠭᠤᠯᠵᠤ ᠪᠤᠢ᠃    ︽ᠲᠡᠮ ᠲᠡᠮ ᠳᠡᠭᠡᠨ ᠲᠡᠭᠡᠰᠦ ᠡᠷᠴᠢᠮ ᠳᠡᠭᠡᠨ︾ ᠭᠡᠳᠡᠭᠴᠢᠯᠡᠨ ︽ᠪᠦᠷᠢᠳᠦᠨ ᠭᠤᠪᠢ︾ ᠮᠠᠯᠵᠢᠯ ᠤᠨ ᠲᠤᠰᠬᠠᠢ ᠬᠤᠷᠰᠢᠶᠠᠵᠢᠯ ᠤᠨ ᠬᠠᠮᠳᠤ ᠤᠯᠠᠨ ᠨᠢ ᠬᠦᠴᠦ ᠤᠬᠠᠭᠠᠨ ᠢᠶᠠᠨ ᠨᠢᠭᠡᠳᠬᠡᠨ᠂ ᠤᠯᠠᠨ ᠵᠢᠯ ᠤᠨ ᠲᠤᠷᠰᠢ ᠬᠠᠳᠤᠯᠠᠩ ᠤᠨ ᠲᠠᠯᠠᠪᠠᠢ ᠳᠤ ᠨᠢᠭᠡᠨ ᠨᠢᠬᠡᠨ ᠳᠡᠭᠡᠨ ᠲᠡᠮ ᠪᠤᠯᠵᠤ᠂ ︽ᠲᠤᠤᠭᠠᠷᠪᠠᠯ ᠲᠠᠭᠤ ᠨᠢᠭᠡᠲᠠᠢ᠂ ᠲᠤᠭᠳᠤᠷᠪᠠᠯ ᠬᠦᠴᠦ ᠨᠢᠭᠡᠲᠠᠢ︾ ᠡᠷᠳᠡᠯᠡᠵᠦ ᠤᠷᠤᠶᠢᠯᠠᠨ ᠴᠢᠷᠮᠠᠶᠢᠨ ᠠᠵᠢᠯᠯᠠᠵᠤ᠂ ᠨᠠᠷᠠ ᠪᠤᠷᠤᠭᠠᠨ ᠤ ᠵᠠᠪᠰᠠᠷ ᠢᠶᠠᠷ ᠡᠪᠡᠰᠦ ᠬᠠᠳᠤᠯᠠᠩ ᠤᠨ ᠠᠵᠢᠯ ᠢᠶᠠᠨ ᠱᠠᠯᠠᠪᠳᠠᠭᠤᠯᠵᠤ ᠶᠠᠭᠠᠷᠠᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号