ᠡᠶᠢᠮᠦᠷᠬᠦ ᠪᠠᠶᠢᠴᠠᠭᠠᠯᠲᠠ ᠶᠢ ᠬᠡᠦᠬᠡᠳ ᠲᠤ ᠪᠠᠶᠢᠩᠭᠤ ᠬᠢᠬᠦ ᠠᠶᠤᠯᠲᠠᠢ︕
ᠨᠡᠶᠢᠲᠡᠯᠡᠭᠰᠡᠨ ᠴᠠᠭ᠄
2024/9/4
   ᠤᠯᠤᠰ ᠤᠨ ᠡᠷᠡᠭᠦᠯ ᠬᠠᠮᠠᠭᠠᠯᠠᠯ ᠡᠷᠡᠭᠦᠯ ᠮᠡᠨᠳᠦ ᠶᠢᠨ  ᠺᠣᠮᠢᠰ  ᠣᠶᠢᠷ᠎ᠠ ᠳᠤ  ᠮᠡᠳᠡᠭᠳᠡᠯ  ᠳᠠᠷᠤᠮᠠᠯᠯᠠᠨ  ᠲᠠᠷᠬᠠᠭᠠᠵᠤ᠂ ᠬᠡᠦᠬᠡᠳ ᠤᠨ  ᠪᠡᠶ᠎ᠡ  ᠎ ᠳᠠᠬᠢ  ᠪᠢᠴᠢᠯ  ᠡᠯᠧᠮᠧᠨ᠋ᠲ ᠢ  ᠬᠡᠮᠵᠢᠬᠦ ᠳᠤ  ᠬᠢᠨᠠᠯᠲᠠ  ᠲᠠᠯᠪᠢᠬᠤ  ᠬᠠᠤᠯᠢ   ᠬᠡᠷᠡᠭᠵᠢᠭᠦᠯᠬᠦ  ᠠᠵᠢᠯ ᠢ ᠴᠢᠩᠭᠠᠳᠬᠠᠵᠤ᠂ ᠪᠢᠴᠢᠯ ᠡᠯᠧᠮᠧᠨ᠋ᠲ ᠢ ᠬᠡᠮᠵᠢᠬᠦ ᠶᠢ ᠪᠡᠶ᠎ᠡ ᠶᠢᠨ  ᠪᠠᠶᠢᠴᠠᠭᠠᠯᠲᠠ  ᠵᠡᠷᠭᠡ  ᠨᠡᠶᠢᠳᠡᠮ  ᠪᠠᠶᠢᠴᠠᠭᠠᠯᠲᠠ ᠶᠢᠨ  ᠲᠥᠷᠥᠯ ᠵᠦᠢᠯ ᠪᠣᠯᠭᠠᠵᠤ ᠪᠣᠯᠬᠤ ᠦᠭᠡᠢ ᠭᠡᠵᠦ ᠱᠠᠭᠠᠷᠳᠠᠪᠠ᠃ ᠣᠷᠣᠨ ᠨᠤᠲᠤᠭ ᠤᠨ ᠡᠯ᠎ᠡ ᠱᠠᠲᠤᠨ ᠤ  ᠡᠷᠡᠭᠦᠯ  ᠬᠠᠮᠠᠭᠠᠯᠠᠯ  ᠡᠷᠡᠭᠦᠯ  ᠮᠡᠨᠳᠦ ᠶᠢᠨ  ᠵᠠᠰᠠᠭ  ᠵᠠᠬᠢᠷᠭᠠᠨ ᠤ  ᠰᠠᠯᠠᠭ᠎ᠠ ᠮᠥᠴᠢᠷ ᠤᠳ ᠬᠡᠦᠬᠡᠳ ᠤᠨ ᠪᠢᠴᠢᠯ  ᠡᠯᠧᠮᠧᠨ᠋ᠲ ᠢ  ᠬᠡᠮᠵᠢᠬᠦ ᠳᠤ  ᠬᠢᠨᠠᠯᠲᠠ  ᠲᠠᠯᠪᠢᠵᠤ  ᠬᠠᠤᠯᠢ  ᠬᠡᠷᠡᠭᠵᠢᠭᠦᠯᠬᠦ  ᠠᠵᠢᠯ ᠢᠶᠠᠨ ᠴᠢᠩᠭᠠᠳᠬᠠᠵᠤ᠂ ᠳᠡᠭᠡᠷ᠎ᠡ ᠳᠤᠷᠠᠳᠤᠭᠰᠠᠨ ᠲᠣᠭᠲᠠᠭᠠᠯ ᠠᠴᠠ ᠵᠥᠷᠢᠴᠡᠨ  ᠪᠠᠶᠢᠴᠠᠭᠠᠨ  ᠬᠡᠮᠵᠢᠯᠲᠡ  ᠬᠢᠭᠰᠡᠨ  ᠡᠮᠴᠢᠯᠡᠭᠡ  ᠡᠷᠡᠭᠦᠯ ᠬᠠᠮᠠᠭᠠᠯᠠᠯ ᠤᠨ ᠪᠠᠶᠢᠭᠤᠯᠤᠮᠵᠢ ᠪᠣᠯᠣᠨ ᠡᠮᠨᠡᠯᠭᠡ ᠶᠢᠨ ᠠᠵᠢᠯᠲᠠᠨ ᠢ  ᠬᠠᠤᠯᠢ   ᠲᠣᠭᠲᠠᠭᠠᠯ  ᠶᠣᠰᠣᠭᠠᠷ  ᠴᠢᠩᠭ᠎ᠠ  ᠰᠢᠢᠳᠪᠦᠷᠢᠯᠡᠬᠦ ᠬᠡᠷᠡᠭᠲᠡᠢ ᠭᠡᠵᠡᠢ᠃ ᠮᠠᠨ ᠤ ᠤᠯᠤᠰ ᠠᠯᠢ ᠡᠷᠲᠡ 2013 ᠣᠨ ᠳᠤ ︽ᠬᠡᠦᠬᠡᠳ ᠤᠨ ᠪᠢᠴᠢᠯ ᠡᠯᠧᠮᠧᠨ᠋ᠲ ᠢ ᠬᠡᠮᠵᠢᠬᠦ ᠶᠢ ᠵᠢᠷᠤᠮᠵᠢᠭᠤᠯᠬᠤ ᠲᠤᠬᠠᠢ ᠮᠡᠳᠡᠭᠳᠡᠯ︾᠎ ᠢ ᠳᠠᠷᠤᠮᠠᠯᠯᠠᠨ ᠲᠠᠷᠬᠠᠭᠠᠵᠤ᠂ ᠡᠭᠦᠨ ᠢ ᠨᠡᠶᠢᠳᠡᠮ ᠪᠠᠶᠢᠴᠠᠭᠠᠯᠲᠠ ᠶᠢᠨ ᠳᠦᠷᠦᠯ ᠪᠣᠯᠭᠠᠬᠤ ᠨᠢ ᠵᠣᠬᠢᠰ ᠦᠭᠡᠢ᠂ ᠢᠯᠠᠩᠭᠤᠶ᠎ᠠ 6 ᠰᠠᠷ᠎ᠠ ᠪᠣᠯᠤᠭ᠎ᠠ ᠦᠭᠡᠢ ᠨᠢᠯᠬ᠎ᠠ ᠬᠡᠦᠬᠡᠳ ᠲᠤ ᠨᠡᠩ ᠪᠤᠯᠬᠤ ᠦᠭᠡᠢ ᠭᠡᠵᠦ  ᠲᠣᠳᠣᠷᠬᠠᠢ  ᠵᠢᠭᠠᠭᠰᠠᠨ ᠪᠣᠯᠪᠠᠴᠤ ᠡᠮ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠶᠢᠨ ᠬᠢᠨ ᠤ ᠤᠴᠢᠷ  ᠪᠣᠯᠭᠠᠭ᠎ᠠ  ᠦᠭᠡᠢ  ᠪᠠᠶᠢᠳᠠᠯ   ᠦᠷᠭᠦᠯᠵᠢᠯᠡᠭᠰᠡᠭᠡᠷ ᠢᠷᠡᠭᠰᠡᠨ ᠪᠠᠶᠢᠨ᠎ᠠ᠃
 
ᠢᠷᠡᠯᠲᠡ᠄ ᠰᠢᠯᠢ ᠶᠢᠨ ᠭᠤᠣᠯ ᠠᠶᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号