ᠪᠤᠭᠤᠷᠤᠯ ᠡᠵᠢ ᠶᠢᠨ ᠰᠠᠳᠬᠢᠯ ᠠᠴᠠ ᠤᠨᠳᠣᠷᠤᠭᠰᠠᠨ ᠬᠠᠶᠢᠷ᠎ᠠ ᠶᠢᠨ  ᠪᠠᠯᠡᠭ
ᠨᠡᠶᠢᠲᠡᠯᠡᠭᠰᠡᠨ ᠴᠠᠭ᠄
2024/9/19
    ᠡᠬᠡ ᠤᠯᠤᠰ ᠡᠯᠢᠬᠡᠨ ᠨᠤᠳᠤᠭ ᠤᠨ ᠢᠶᠠᠨ ᠭᠦᠭᠵᠢᠯ ᠬᠤᠪᠢᠷᠠᠯ᠂ ᠬᠦᠮᠦᠨ ᠠᠷᠡᠳ ᠤᠨ ᠢᠶᠠᠨ ᠬᠦᠰᠠᠯ ᠲᠡᠮᠡᠦᠯᠡᠯ ᠢ ᠲᠤᠰᠬᠠᠭᠰᠠᠨ ᠤᠷᠠᠨ ᠪᠦᠳᠦᠬᠡᠯ  ᠵᠢᠴᠢ ᠦᠵᠦᠮᠦᠴᠢᠨ ᠬᠤᠪᠴᠠᠰᠣ ᠵᠠᠰᠠᠯ ᠢᠶᠠᠨ ᠤᠯᠠᠨ ᠶᠠᠩᠵᠦ ᠪᠠᠷ ᠤᠷᠠᠯᠠᠨ᠂ ᠦᠨᠠᠳᠣ ᠰᠣᠶᠤᠯ ᠤᠨ ᠢᠶᠠᠨ ᠨᠠᠨᠳᠢᠨ ᠦᠪ ᠢ ᠦᠮᠴᠢᠯᠠᠨ ᠲᠡᠬᠡᠳᠣᠯᠠᠵᠦ ᠶᠠᠪᠤᠭ᠎ᠠ ᠨᠠᠷᠠᠨᠳᠣᠩᠭᠠᠯᠠᠭ ᠨᠠᠰᠣᠳᠠᠨ ᠪᠤᠯ  ᠪᠠᠷᠠᠭᠤᠨ ᠦᠵᠦᠮᠦᠴᠢᠨ ᠬᠤᠰᠢᠭᠤᠨ ᠤ ᠪᠠᠶ᠋ᠬᠠᠬᠤᠰᠢᠭᠤ ᠰᠣᠮᠤ ᠪᠠᠷ ᠨᠤᠳᠤᠭ ᠲᠠᠢ ᠡᠬᠡᠯ ᠵᠢᠷ ᠤᠨ ᠮᠠᠯᠴᠢᠨ ᠶᠤᠮ᠂ ᠲᠠᠷᠡᠪᠡᠷ 73 ᠵᠢᠯ  ᠤᠨ ᠲᠤᠷᠰᠢ ᠦᠵᠦᠮᠦᠴᠢᠨ ᠤᠶᠤᠳᠠᠯ ᠢᠶᠠᠷ ᠢᠶᠠᠨ ᠠᠮᠢᠳᠣᠷᠠᠯ ᠦᠢᠯᠠᠰ ᠢᠶᠠᠨ ᠪᠤᠯᠭᠠᠨ᠂ ᠦᠪᠡᠷ ᠤᠨ ᠪᠠᠷᠢᠮᠳᠠᠯᠠᠯ ᠵᠢᠳᠬᠦᠯ   ᠢᠶᠠᠷ ᠢᠶᠠᠨ ᠦᠢ ᠤᠯᠠᠨ ᠱᠠᠪᠢᠨᠠᠷ ᠢᠶᠠᠨ ᠬᠦᠮᠦᠵᠢᠭᠦᠯᠵᠦ  ᠂ ᠦᠨᠳᠣᠰᠣᠳᠠᠨ ᠤ ᠦᠪ ᠰᠣᠶᠤᠯ ᠢ ᠦᠪᠯᠠᠨ ᠤᠯᠠᠮᠵᠢᠯᠠᠵᠦ ᠶᠠᠪᠤᠨ᠎ᠠ᠃
   ᠡᠨᠡ ᠵᠢᠯ 85 ᠨᠠᠰᠤᠲᠠᠢ ᠨᠠᠷᠡᠨᠳᠣᠩᠭᠠᠯᠠᠭ ᠪᠣᠯ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠳᠡᠰ ᠤᠨ ᠪᠣᠳᠠᠰ ᠤᠨ ᠪᠤᠰᠤ ᠰᠣᠶᠣᠯ ᠤᠨ ᠥᠪ ︽ᠦᠵᠦᠮᠦᠴᠢᠨ ᠬᠤᠪᠴᠠᠰᠤ ᠵᠠᠰᠠᠯ ᠤᠷᠠᠯᠠᠬᠤ ᠤᠷ᠎ᠠ ᠮᠡᠷᠭᠡᠵᠢᠯ︾ ᠤᠨ ᠲᠦᠷᠦᠯ ᠵᠦᠢᠯ ᠤᠨ ᠲᠥᠯᠥᠭᠡᠯᠡᠬᠦ ᠴᠢᠨᠠᠷᠲᠠᠢ ᠤᠯᠠᠮᠵᠢᠯᠠᠭᠴᠢ ᠪᠣᠯᠣᠨ᠎ᠠ᠃ ᠲᠡᠷᠡ ᠬᠠᠷᠠᠬᠠᠨ ᠪᠠᠭ᠎ᠠ   ᠠᠴᠠ ᠪᠠᠨ ᠨᠤᠲᠤᠭ ᠤᠨ ᠢᠶᠠᠨ ᠤᠯᠠᠮᠵᠢᠯᠠᠯᠲᠤ ᠵᠠᠩ ᠳᠠᠳᠬᠠᠯ ᠤᠨ ᠨᠥᠯᠥᠭᠡ ᠶᠢ ᠭᠥᠷᠳᠡᠵᠦ᠂ 12 ᠨᠠᠰᠤᠲᠠᠢ ᠠᠴᠠ ᠪᠠᠨ ᠦᠵᠦᠮᠦᠴᠢᠨ ᠤᠶᠤᠳᠠᠯ ᠰᠤᠷᠴᠤ ᠂ 73 ᠵᠢᠯ ᠤᠨ ᠲᠤᠷᠰᠢ ᠦᠵᠦᠮᠦᠴᠢᠨ ᠤᠶᠤᠳᠠᠯ ᠢᠶᠠᠨ ᠦᠪᠡᠷ ᠤᠨ ᠬᠠᠶᠢᠷᠠᠳᠠᠢ ᠦᠢᠯᠠᠰ ᠢᠶᠠᠨ ᠪᠤᠯᠭᠠᠵᠦ ᠢᠷᠡᠵᠡᠢ᠃
     ᠲᠠᠪᠤᠨ ᠬᠤᠰᠢᠭᠤ ᠮᠠᠯ᠂ ᠲᠠᠯ᠎ᠠ ᠨᠤᠲᠤᠭ ᠤᠨ ᠥᠩᠭᠡ ᠦᠵᠡᠮᠵᠢ᠂ ᠨᠠᠷᠠᠲᠤ ᠬᠥᠮᠥᠰ ᠁ ᠨᠠᠰᠤᠲᠠᠨ ᠤ ᠤᠷᠠᠯᠠᠭᠰᠠᠨ ᠤᠯᠠᠨ ᠰᠠᠶᠢᠬᠠᠨ ᠪᠦᠲᠦᠭᠡᠯ ᠨᠢ ᠨᠣᠮ ᠤᠨ ᠥᠷᠥᠭᠡ ᠪᠠ ᠵᠣᠴᠢᠨ ᠤ ᠥᠷᠥᠭᠡ ᠪᠠᠷ ᠳᠦᠭᠦᠷᠡᠩ ᠪᠠᠶᠢᠳᠠᠭ᠃ ᠡᠭᠦᠨ ᠤ ᠳᠣᠲᠣᠷ᠎ᠠ᠂ ᠲᠡᠭᠦᠨ ᠤ ᠣᠶᠢᠷ᠎ᠠ ᠶᠢᠨ ᠬᠤᠭᠤᠴᠠᠭᠠᠨ ᠳᠤ ᠪᠡᠶᠡᠯᠡᠭᠦᠯᠦᠭᠰᠡᠨ ᠪᠥᠭᠡᠳ ᠬᠠᠮᠤᠭ ᠤᠨ ᠬᠠᠨᠤᠮᠵᠢᠲᠠᠢ ᠪᠦᠲᠦᠭᠡᠯ ︱ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ 75 ᠵᠢᠯ ᠤᠨ ᠤᠢ  ᠳᠤ ᠵᠤᠷᠢᠭᠤᠯᠤᠭᠰᠠᠨ ︽ᠦᠯᠵᠡᠢ ᠪᠠᠯᠬᠡᠳᠣ ᠳᠤᠮᠳᠠᠳᠤ ᠤᠯᠤᠰ︾ ᠬᠡᠬᠦ ᠢᠰᠠᠬᠡᠢ ᠤᠷᠠᠯᠠᠯ ᠪᠤᠯᠤᠨ᠎ᠠ᠃ ᠨᠠᠰᠣᠳᠠᠨ ᠢᠰᠡᠭᠡᠢ ᠲᠡᠬᠡᠷ᠎ᠡ ᠳᠤᠮᠳᠠᠳᠤ ᠤᠯᠤᠰ ᠤᠨ ᠭᠠᠵᠠᠷ ᠤᠨ ᠵᠢᠷᠤᠭ ᠢ ᠪᠦᠬᠦᠯᠢ ᠪᠦᠳᠦᠨ ᠢᠶᠠᠷ ᠨᠢ ᠵᠢᠷᠤᠵᠤ᠂ ᠮᠤᠵᠢ ᠣᠷᠣᠨ ᠨᠢᠭᠡᠪᠦᠷᠢ ᠶᠢᠨ ᠪᠣᠷᠣ ᠲᠥᠯᠥᠪ ᠵᠢᠴᠢ ᠠᠭᠤᠯᠠ ᠨᠢᠷᠣᠭᠤᠳ ᠤᠨ ᠥᠪᠡᠷᠮᠢᠴᠡ ᠳᠦᠷᠰᠦ ᠪᠠᠶᠢᠳᠠᠯ ᠢ ᠢᠯᠡᠷᠡᠭᠦᠯᠦᠨ᠂ ᠦᠩᠬᠡ ᠪᠦᠷᠢ ᠶᠢᠨ ᠨᠤᠤᠰᠣᠨ ᠤᠳᠠᠰᠣ ᠪᠠᠷ ᠤᠷᠠᠯᠠᠨ ᠤᠶᠤᠭᠰᠠᠨ ᠮᠦᠷᠳᠠᠬᠡᠨ ᠪᠤᠳᠤᠭ ᠤᠷᠤᠭᠤᠯᠤᠭᠰᠠᠨ ᠪᠠᠶᠢᠨ᠎ᠠ᠃ ᠲᠤᠰ ᠪᠦᠳᠦᠬᠡᠯ ᠢ ᠡᠬᠢᠯᠡᠵᠦ ᠰᠡᠳᠬᠢᠬᠦ ᠠᠴᠠ ᠪᠠᠨ ᠠᠪᠤᠭᠠᠳ ᠵᠢᠷᠤᠵᠤ ᠲᠥᠯᠥᠪᠯᠡᠬᠦ᠂ ᠬᠠᠳᠬᠤᠵᠦ ᠲᠠᠭᠤᠰᠳᠠᠯ᠎ᠠ ᠬᠤᠶᠠᠷ ᠰᠠᠷ᠎ᠠ ᠭᠠᠷᠤᠢ ᠶᠢᠨ ᠬᠤᠭᠤᠴᠠᠭ᠎ᠠ ᠬᠡᠷᠡᠭᠰᠡᠵᠦ᠂ ᠨᠠᠰᠣᠳᠠᠨ ᠬᠦᠴᠦ ᠬᠥᠳᠡᠯᠮᠦᠷᠢ᠂ ᠤᠶᠤᠨ ᠤᠬᠠᠭᠠᠨ ᠪᠠ ᠬᠠᠶᠢᠷ᠎ᠠ ᠰᠡᠳᠬᠢᠯᠭᠡ ᠪᠠᠨ ᠰᠢᠩᠭᠡᠭᠡᠵᠦ᠂ ᠲᠡᠭᠦᠨ ᠤ ᠡᠬᠡ ᠤᠯᠤᠰ  ᠢᠶᠠᠨ ᠬᠠᠶᠢᠷᠠᠯᠠᠬᠤ ᠭᠦᠨ ᠵᠤᠵᠠᠭᠠᠨ ᠬᠠᠶᠢᠷ᠎ᠠ ᠰᠡᠳᠬᠢᠯᠭᠡ ᠪᠠ ᠤᠯᠠᠮᠵᠢᠯᠠᠯᠲᠤ ᠤᠷ᠎ᠠ ᠤᠶᠤᠳᠠᠯ ᠤᠨ ᠲᠤᠬᠠᠢ ᠪᠠᠷᠢᠮᠳᠠᠯᠠᠯ ᠲᠡᠬᠡᠳᠣᠯᠠᠯ ᠢ ᠨᠢ ᠬᠦᠢᠴᠠᠳ ᠢᠯᠠᠷᠡᠬᠦᠯᠵᠦ ᠪᠠᠶᠢᠯ᠎ᠠ᠃
     ᠤᠯᠠᠨ ᠵᠢᠯ ᠤᠨ ᠲᠤᠷᠰᠢ᠂ ᠨᠠᠷᠡᠨᠳᠣᠩᠭᠠᠯᠠᠭ ᠦᠵᠦᠮᠦᠴᠢᠨ ᠤᠶᠤᠳᠠᠯ ᠢᠶᠠᠨ ᠤᠯᠠᠮᠵᠢᠯᠠᠨ ᠵᠠᠯᠭᠠᠮᠵᠢᠯᠠᠬᠤ ᠶᠢ  ᠰᠠᠳᠬᠢᠯ ᠳᠡᠭᠡᠨ ᠲᠡᠬᠡᠳᠣᠯᠠᠨ᠂ ᠤᠶᠤᠳᠠᠯ ᠳᠤ ᠲᠤᠷᠠᠳᠠᠢ ᠪᠠᠭ᠋ᠠᠳᠠᠢ ᠵᠠᠯᠠᠭᠤᠴᠤᠳ ᠲᠤ ᠦᠪᠡᠷ ᠤᠨ ᠮᠡᠳᠡᠭᠰᠠᠨ ᠴᠢᠳᠠᠭᠰᠠᠨ  ᠢᠶᠠᠨ ᠬᠠᠷᠠᠮ ᠦᠭᠡᠢ ᠵᠢᠭᠠᠭᠰᠠᠨ ᠢᠶᠠᠷ 300 ᠭᠠᠷᠤᠢ ᠱᠠᠪᠢ ᠬᠦᠮᠦᠵᠢᠬᠦᠯᠦᠭᠰᠠᠨ ᠮᠦᠷᠳᠠᠬᠡᠨ ᠤᠯᠠᠨ ᠱᠠᠪᠢ ᠨᠢ ᠤᠶᠤᠳᠠᠯ  ᠤᠨ ᠦᠢᠯᠠᠰ ᠢ ᠡᠷᠬᠢᠯᠠᠵᠦ ᠣᠷᠣᠯᠭ᠎ᠠ  ᠪᠠᠨ ᠨᠡᠮᠡᠭᠳᠠᠬᠦᠯᠵᠦ ᠶᠠᠪᠤᠭ᠎ᠠ ᠶᠤᠮ᠃     ᠨᠠᠷᠡᠨᠳᠣᠩᠭᠠᠯᠠᠭ ᠨᠠᠰᠣᠳᠠᠨ ᠶᠠᠭ ᠯᠠ ᠠᠮᠢᠳᠤ ᠲᠡᠦᠬᠡ ᠶᠢᠨ ᠨᠣᠮ ᠰᠢᠭ᠋ ᠢᠶᠠᠷ ᠡᠬᠡ ᠤᠯᠤᠰ ᠤᠨ ᠢᠶᠠᠨ ᠥᠩᠭᠡᠷᠡᠭᠰᠡᠨ ᠤ ᠬᠠᠲᠠᠭᠤ ᠪᠡᠷᠬᠡᠰᠢᠶᠡᠯᠲᠦ ᠣᠨ ᠰᠠᠷ᠎ᠠ ᠠᠴᠠ ᠥᠨᠥᠳᠥᠷ ᠤᠨ ᠬᠥᠭᠵᠢᠯ ᠴᠡᠴᠡᠭᠯᠡᠯ ᠢ ᠦᠪᠡᠷ ᠤᠨ ᠪᠠᠶ᠎ᠠ ᠪᠠᠷ ᠢᠶᠠᠨ ᠦᠩᠬᠡᠷᠡᠬᠦᠯᠵᠦ᠂ ᠡᠩᠬᠡ ᠲᠠᠶᠢᠪᠤᠩ᠂ ᠠᠵᠠ ᠵᠢᠷᠭᠠᠯᠳᠠᠢ ᠠᠮᠢᠳᠣᠷᠠᠯ ᠮᠢᠨᠢ ᠨᠠᠮ ᠤᠨ ᠮᠢᠨᠢ ᠠᠴᠢ ᠭᠠᠪᠢᠶ᠎ᠠ ᠬᠡᠵᠦ ᠨᠠᠮ ᠤᠯᠤᠰ ᠤᠨ ᠢᠶᠠᠨ ᠠᠤᠭ᠎ᠠ ᠦᠢᠯᠠᠰ   ᠲᠤ ᠪᠠᠭ᠋ᠠᠳᠣᠨ ᠲᠠᠯᠠᠷᠬᠠᠵᠦ ᠰᠠᠭᠤᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号