ᠮᠠᠰᠢ ᠣᠯᠠᠨ ᠬᠥᠮᠥᠨ ᠰᠢᠷᠠᠭᠳᠠᠬᠤ ᠠᠴᠠ ᠬᠠᠮᠤᠭ ᠠᠴᠠ ᠢᠯᠡᠭᠦᠦ ᠬᠢᠴᠢᠶᠡᠬᠦ ᠴᠢᠬᠤᠯᠠᠲᠠᠢ ᠭᠠᠵᠠᠷ᠂ | ᠲᠤᠬᠠᠶᠢᠯᠠᠪᠠᠯ ᠨᠢᠳᠦ ᠪᠠᠨ ᠬᠠᠮᠠᠭᠠᠯᠠᠬᠤ ᠶᠢ ᠮᠠᠷᠳᠠᠴᠢᠬᠰᠠᠨ ᠪᠠᠶᠢᠳᠠᠭ᠃ ᠬᠡᠷᠪᠡ ᠨᠢᠳᠦ ᠴᠢᠨᠢ ᠤᠷᠲᠤ ᠬᠤᠭᠤᠴᠠᠭ᠎ᠠ ᠪᠠᠷ | ᠬᠦᠷᠢᠨ ᠤ ᠭᠠᠳᠠᠨᠠᠬᠢ ᠲᠤᠶᠠᠭ᠎ᠠ ᠶᠢ ᠬᠦᠯᠢᠶᠡᠨ ᠠᠪᠤᠪᠠᠯ᠂ ᠨᠢᠳᠦᠨ ᠤ ᠴᠢᠨᠢ ᠡᠯ᠎ᠡ ᠨᠡᠬᠡᠳᠡᠰᠦ ᠪᠦᠷ ᠠᠳᠠᠯᠢ ᠪᠤᠰᠤ | ᠬᠡᠮᠵᠢᠶ᠎ᠡ ᠪᠠᠷ ᠭᠡᠮᠲᠦᠳᠡᠭ᠃ ᠬᠦᠷᠢᠨ ᠤ ᠭᠠᠳᠠᠨᠠᠬᠢ ᠲᠤᠶᠠᠭ᠎ᠠ ᠶᠢᠨ ᠨᠢᠳᠦ ᠶᠢ ᠭᠡᠮᠲᠦᠭᠡᠬᠦ ᠶᠠᠪᠤᠳᠠᠯ ᠡᠭᠦᠨ ᠢᠶᠠᠷ | ᠵᠣᠭᠰᠣᠬᠤ ᠦᠭᠡᠢ᠂ ᠴᠢᠨᠠᠭᠰᠢᠯᠠᠨ ᠪᠢᠳᠡᠨ ᠳᠤ 90 % ᠠᠴᠠ ᠳᠡᠭᠡᠭᠰᠢᠬᠢ ᠬᠠᠷᠠᠭᠠᠨ ᠰᠡᠷᠡᠯ ᠤᠨ ᠰᠤᠷᠠᠭ ᠵᠠᠩᠭᠢ | ᠬᠠᠩᠭᠠᠳᠠᠭ ᠰᠢᠷ᠎ᠠ ᠲᠣᠯᠪᠤ ᠶᠢ ᠴᠤ ᠨᠥᠯᠥᠭᠡᠯᠡᠳᠡᠭ ᠪᠠᠶᠢᠨ᠎ᠠ᠃ ᠰᠢᠷ᠎ᠠ ᠲᠣᠯᠪᠤ ᠨᠢ ᠨᠢᠳᠦᠨ ᠤ ᠲᠣᠣᠷᠯᠢᠭ | ᠪᠦᠷᠬᠦᠪᠴᠢ ᠶᠢᠨ ᠲᠥᠪ ᠳᠤ ᠣᠷᠣᠰᠢᠵᠤ ᠪᠠᠶᠢᠳᠠᠭ ᠪᠣᠯᠬᠤᠷ ᠬᠡᠷᠪᠡ ᠬᠦᠷᠢᠨ ᠤ ᠭᠠᠳᠠᠨᠠᠬᠢ ᠲᠤᠶᠠᠭ᠎ᠠ ᠨᠢ ᠰᠢᠷ᠎ᠠ | ᠲᠣᠯᠪᠤ ᠶᠢᠨ ᠣᠷᠣᠨ ᠪᠦᠰᠡ ᠶᠢᠨ ᠭᠡᠷᠡᠯ ᠮᠡᠳᠡᠷᠡᠬᠦ ᠡᠰ ᠪᠣᠯᠣᠨ ᠪᠤᠳᠤᠭᠲᠤ ᠡᠳ᠋ ᠤᠨ ᠳᠡᠭᠡᠳᠦ ᠬᠥᠷᠥᠰᠥᠨ ᠡᠰ ᠢ | ᠭᠡᠮᠲᠦᠭᠡᠬᠦ ᠳᠤ ᠬᠦᠷᠪᠡᠯ᠂ ᠰᠢᠷ᠎ᠠ ᠲᠣᠯᠪᠤ ᠶᠢᠨ ᠴᠢᠨᠠᠷ ᠬᠤᠪᠢᠷᠠᠬᠤ ᠲᠦᠭᠰᠢᠭᠦᠷᠢ ᠳᠠᠷᠤᠢ ᠶᠡᠭᠡ ᠪᠠᠷ ᠳᠡᠭᠡᠭᠰᠢᠯᠡᠬᠦ | ᠪᠣᠯᠣᠨ᠎ᠠ᠃ | ᠪᠣᠢ ᠪᠦᠬᠦᠢ ᠨᠡᠷᠡᠨ ᠰᠢᠯ ᠪᠦᠷ ᠰᠢᠷᠠᠭᠳᠠᠬᠤ ᠶᠢ ᠰᠡᠷᠭᠡᠶᠢᠯᠡᠬᠦ ᠴᠢᠳᠠᠮᠵᠢ ᠲᠠᠢ ᠶᠤᠮ᠃ ᠲᠣᠬᠢᠷᠠᠮᠵᠢᠲᠠᠢ ᠨᠡᠷᠡᠨ | ᠰᠢᠯ ᠬᠤᠳᠠᠯᠳᠤᠨ ᠠᠪᠬᠤ ᠭᠡᠪᠡᠯ ᠬᠠᠮᠤᠭ ᠰᠠᠶᠢᠨ ᠨᠢ ᠲᠣᠳᠣᠷᠬᠠᠶᠢᠯᠠᠯᠲᠠ ᠶᠢᠨ ᠪᠢᠴᠢᠭ ᠢ ᠨᠢ ᠨᠠᠷᠢᠪᠴᠢᠯᠠᠨ ᠦᠵᠡᠵᠦ᠂ | UV400 ᠪᠤᠶᠤ UV100 % ᠭᠡᠵᠦ ᠲᠣᠳᠣᠷᠬᠠᠶᠢᠯᠠᠭᠰᠠᠨ ᠡᠰᠡᠬᠦ ᠶᠢ ᠦᠵᠡᠬᠦ ᠬᠡᠷᠡᠭᠲᠡᠢ᠂ ᠡᠶᠢᠮᠦ ᠨᠡᠷᠡᠨ | ᠰᠢᠯ ᠤᠨ ᠵᠠᠷᠢᠮ ᠨᠢ ᠣᠨᠴᠠᠭᠠᠶ ᠲᠡᠮᠦᠷᠯᠢᠭ ᠪᠣᠳᠠᠰ ᠨᠡᠮᠡᠬᠦ ᠪᠠᠷ ᠲᠡᠮᠵᠢᠠ ᠬᠦᠷᠢᠨ ᠤ ᠭᠠᠳᠠᠨᠠᠬᠢ ᠲᠤᠶᠠᠭ᠎ᠠ ᠶᠢ | ᠰᠢᠩᠭᠡᠬᠡᠨ ᠠᠪᠴᠤ᠂ ᠵᠠᠷᠢᠮ ᠨᠢ ᠨᠢᠮᠭᠡᠨ ᠬᠠᠯᠢᠰᠤ ᠥᠩᠭᠡᠯᠡᠭᠰᠡᠨ ᠠᠴᠠ ᠪᠣᠯᠵᠤ ᠬᠦᠷᠢᠨ ᠤ ᠭᠠᠳᠠᠨᠠᠬᠢ ᠲᠤᠶᠠᠭ᠎ᠠ ᠳᠤ | ᠣᠶᠢᠯᠲᠠ ᠡᠭᠦᠰᠬᠡᠳᠡᠭ᠃ | ᠥᠩᠭᠡ ᠶᠢᠨ ᠰᠣᠩᠭᠤᠯᠲᠠ ᠶᠢᠨ ᠲᠠᠯ᠎ᠠ ᠪᠠᠷ᠂ ᠡᠩ ᠲᠡᠷᠢᠭᠦᠨ ᠳᠤ ᠦᠨᠡᠰᠦᠨ ᠥᠩᠭᠡ᠂ ᠴᠠᠢ ᠶᠢᠨ ᠥᠩᠭᠡ᠂ | ᠨᠣᠭᠤᠭᠠᠨ ᠦᠨᠡᠰᠦᠨ ᠥᠩᠭᠡ ᠵᠡᠷᠭᠡ ᠭᠤᠷᠪᠠᠨ ᠵᠦᠢᠯ ᠢ ᠰᠣᠩᠭᠤᠪᠠᠯ ᠵᠣᠬᠢᠨ᠎ᠠ᠃ CAT2 ᠳᠦᠷᠤᠯ ᠪᠠ CAT3 | ᠳᠦᠷᠤᠯ ᠭᠡᠬᠦ ᠡᠨᠡ ᠬᠤᠶᠠᠷ ᠳᠦᠷᠤᠯ ᠤᠨ ᠨᠡᠷᠡᠨ ᠰᠢᠯ ᠣᠳᠣᠬᠠᠨ ᠤ ᠵᠠᠬ᠎ᠠ ᠳᠡᠯᠭᠡᠭᠦᠷ ᠲᠤ ᠬᠠᠮᠤᠭ ᠤᠯᠠᠨ ᠪᠠᠶᠢᠨ᠎ᠠ᠂ | ᠡᠭᠦᠨ ᠢ ᠰᠠᠨᠠᠭ᠎ᠠ ᠠᠮᠠᠷ ᠰᠣᠩᠭᠤᠵᠤ ᠪᠣᠯᠣᠨ᠎ᠠ᠂ ᠲᠡᠭᠦᠨ ᠤ ᠨᠡᠪᠲᠡᠷᠡᠯᠲᠡ ᠶᠢᠨ ᠬᠠᠷᠢᠴᠠᠯ ᠨᠢ 8% ᠠᠴᠠ | 43% ᠶᠢᠨ ᠬᠤᠭᠤᠷᠣᠨᠳᠤ ᠪᠠᠶᠢᠵᠤ᠂ ᠣᠯᠠᠩᠬᠢ ᠪᠠᠶᠢᠳᠠᠯ ᠳᠤ ᠲᠣᠬᠢᠷᠠᠨ᠎ᠠ᠃ | ᠪᠠᠭ᠎ᠠ ᠬᠡᠦᠬᠡᠳ ᠪᠠᠰᠠ ᠨᠡᠷᠡᠨ ᠰᠢᠯ ᠵᠡᠭᠦᠬᠦ ᠬᠡᠷᠡᠭᠲᠡᠢ᠃ ᠰᠠᠨᠠᠭᠤᠯᠬᠤ ᠨᠢ᠂ 6 ᠰᠠᠷ᠎ᠠ ᠠᠴᠠ ᠳᠡᠭᠡᠭᠰᠢᠬᠢ | ᠬᠡᠦᠬᠡᠳ ᠲᠤ 99 % ᠠᠴᠠ 100 % ᠶᠢᠨ ᠨᠡᠷᠡᠨ ᠤ ᠰᠢᠯ ᠵᠡᠭᠦᠯᠭᠡᠪᠡᠯ ᠬᠠᠮᠤᠭ ᠤᠨ ᠰᠠᠶᠢᠨ᠃ ᠥᠭᠡᠷ᠎ᠡ ᠪᠠᠷ | ᠬᠡᠯᠡᠪᠡᠯ ᠮᠠᠨ ᠤ ᠳᠡᠭᠡᠷ᠎ᠡ ᠳᠤᠷᠠᠳᠤᠭᠰᠠᠨ UV400 ᠪᠤᠶᠤ UV100 % ᠭᠡᠵᠦ ᠲᠣᠳᠣᠷᠬᠠᠶᠢᠯᠠᠭᠰᠠᠨ ᠨᠡᠷᠡᠨ | ᠰᠢᠯ ᠪᠣᠯᠣᠨ᠎ᠠ᠃ | |