ᠢᠴᠡᠭᠡᠨ ᠤ ᠠᠮᠢᠲᠠᠨ ᠰᠢᠭ᠋ ᠲᠠᠯᠲᠠ ᠠᠮᠢᠳᠤᠷᠠᠵᠤ ᠪᠠᠶᠢᠭᠰᠠᠨ ᠪᠢ | ᠢᠷᠡᠵᠦ ᠪᠠᠶᠢᠭ᠎ᠠ ᠬᠠᠪᠤᠷ ᠤᠨ ᠥᠯᠮᠡᠢ ᠠᠴᠠ | ᠰᠡᠩᠭᠢᠨᠡᠵᠦ ᠪᠠᠶᠢᠭ᠎ᠠ ᠰᠠᠯᠬᠢ ᠶᠢ ᠦᠨᠦᠷᠯᠡᠭᠰᠡᠨ ᠶᠤᠮ | ᠨᠠᠷᠠᠨ ᠤ ᠲᠤᠬᠠᠢ ᠲᠣᠮᠤᠬ ᠰᠤᠷᠠᠭᠰᠠᠭᠠ᠊ᠷ | ᠨᠢᠯᠬ᠎ᠠ ᠡᠪᠡᠰᠦ ᠬᠠᠭᠳᠠ ᠶᠢᠨ ᠳᠣᠣᠷ᠎ᠠ ᠠᠴᠠ ᠥᠨᠳᠡᠶᠢᠨᠡ | ᠮᠠᠭᠠᠳ ᠣᠷᠣᠰᠢᠬᠤᠢ ᠶᠢᠨ ᠡᠷᠴᠢ ᠬᠦᠴᠦᠨ | ᠬᠠᠪᠤᠷ ᠤᠨ ᠰᠤᠷᠠᠭ ᠠᠴᠠ ᠯᠡ ᠦᠨᠳᠦᠰᠦᠯᠡᠨ᠎ᠡ | ᠴᠠᠰᠤᠨ ᠤ ᠦᠩᠭᠡᠨ ᠳᠤ ᠠᠮᠤᠷᠵᠢᠨ ᠬᠡᠪᠲᠡᠭᠰᠡᠨᠡᠪᠦᠯ | ᠵᠡᠭᠦᠳᠦ ᠪᠦᠬᠦᠨ ᠢᠶᠠᠨ ᠰᠦᠯᠡᠵᠦ ᠨᠣᠶᠢᠷᠰᠤᠭᠰᠠᠨ ᠳ᠋ᠠ | ᠴᠠᠭᠯᠠᠰᠢ ᠦᠭᠡᠢ ᠮᠥᠷᠥᠭᠡᠳᠦᠯ ᠤᠨ ᠵᠡᠭᠦᠳᠦ ᠶᠢ | ᠨᠠᠭᠠᠰᠢᠯᠠᠵᠤ ᠪᠠᠶᠢᠭ᠎ᠠ ᠬᠠᠪᠤᠷ ᠳᠠᠮᠵᠢᠭᠤᠯᠤᠭᠰᠠᠨ ᠶᠤᠮ | ᠮᠣᠳᠣᠨ ᠤ ᠨᠠᠮᠠᠭ᠎ᠠ ᠭᠥᠯᠥᠭᠡᠯᠡᠬᠦ ᠶᠢ ᠬᠦᠦ ᠮᠢᠨᠢ ᠬᠠᠷᠠᠵᠤ ᠵᠣᠭᠰᠣᠨ᠎ᠠ | ᠣᠲᠣᠨ ᠤ ᠲᠤᠶᠠᠭ᠎ᠠ ᠮᠡᠲᠦ ᠬᠠᠷᠠᠴᠠᠨ ᠳᠤᠨᠢ ᠥᠪᠴᠢ ᠳᠡᠯᠡᠬᠡᠢ ᠬᠥᠬᠡᠷᠡᠨ᠎ᠡ | ᠬᠠᠶᠢᠪᠠᠭᠠᠨᠠᠨ ᠲᠠᠶᠢᠪᠠᠭᠠᠨᠠᠨ ᠪᠤᠴᠠᠵᠠᠢ ᠡᠮᠢᠶᠡᠯ ᠰᠢᠨᠠᠯᠤᠯ ᠪᠦᠬᠦᠨ | ᠠᠶᠢᠪᠤᠭᠤᠬᠠᠨ ᠲᠠᠶᠢᠪᠤᠭᠤᠬᠠᠨ ᠢᠷᠡᠵᠡᠢ ᠰᠢᠨᠡᠬᠡᠨ ᠴᠠᠭ ᠤᠨ ᠬᠠᠪᠤᠷ ᠁ | | |