ᠠᠮᠢᠲᠠᠨ ᠢ ᠬᠦᠨᠳᠦᠯᠡᠬᠦ ᠵᠠᠩ ᠥᠢᠯᠡ
ᠨᠡᠶᠢᠲᠡᠯᠡᠭᠰᠡᠨ ᠴᠠᠭ᠄
2024/8/30
    ᠲᠥᠷᠥᠭᠰᠡᠨ ᠭᠠᠵᠠᠷ ᠨᠤᠲᠤᠭ᠂ ᠠᠭᠤᠯᠠ᠂ ᠤᠰᠤ᠂ ᠤᠢ ᠮᠣᠳᠣ᠂ ᠠᠩ ᠠᠮᠢᠲᠠᠨ᠂ ᠤᠷᠭᠤᠮᠠᠯ ᠢᠶᠠᠨ ᠬᠠᠶᠢᠷᠠᠯᠠᠨ ᠬᠠᠮᠠᠭᠠᠯᠠᠬᠤ ᠠᠮᠢᠳᠤᠷᠠᠯ ᠠᠬᠤᠢ ᠳᠠᠭᠠᠨ ᠲᠤᠬᠠᠢ ᠶᠢᠨ ᠬᠡᠷᠡᠭᠯᠡᠭᠡᠨ ᠤ ᠱᠠᠭᠠᠷᠳᠠᠯᠭ᠎ᠠ ᠳᠤ ᠲᠣᠬᠢᠷᠠᠭᠤᠯᠤᠨ ᠲᠤᠶᠢᠯ ᠤᠨ ᠠᠷᠪᠢ ᠭᠠᠮᠲᠠᠢ ᠬᠡᠷᠡᠭᠯᠡᠬᠦ ᠠᠷᠭ᠎ᠠ ᠤᠬᠠᠭᠠᠨ ᠢ ᠦᠷ᠎ᠡ ᠬᠤᠶᠢᠴᠢᠰ ᠢᠶᠠᠨ ᠰᠤᠷᠭᠠᠵᠤ ᠪᠠᠶᠢᠭᠰᠠᠨ ᠨᠢ ᠠᠩ ᠬᠥᠷᠥᠭᠡ ᠬᠢᠬᠦ ᠵᠠᠩᠰᠢᠯ ᠳᠤ ᠢᠯᠡᠭᠦᠦ ᠲᠠᠢ ᠬᠠᠷᠠᠭᠳᠠᠳᠠᠭ᠃         ᠮᠣᠩᠭᠤᠯᠴᠤᠳ ᠠᠩ ᠠᠪᠠ ᠬᠢᠵᠦ ᠠᠵᠤ ᠲᠥᠷᠥᠭᠰᠡᠭᠡᠷ ᠢᠷᠡᠭᠰᠡᠨ ᠤᠯᠠᠮᠵᠢᠯᠠᠯ ᠨᠢ ᠲᠡᠳᠡᠨ ᠤ ᠠᠮᠢᠳᠤᠷᠠᠯ ᠤᠨ ᠨᠢᠭᠡᠨ ᠬᠡᠪ ᠰᠢᠨᠵᠢ᠂ ᠨᠡᠭᠦᠳᠡᠯᠴᠢᠨ ᠠᠷᠠᠳ ᠤᠨ ᠠᠮᠢᠳᠤᠷᠠᠯ ᠠᠬᠤᠢ ᠶᠢᠨ ᠨᠢᠭᠡ ᠣᠨᠴᠠᠯᠢᠭ ᠶᠤᠮ᠃ ᠠᠩ ᠠᠮᠢᠳᠠᠨ ᠢ ᠠᠪᠠᠯᠠᠵᠤ ᠠᠵᠤ ᠲᠥᠷᠥᠬᠦ ᠶᠣᠰᠣᠨ ᠡᠨᠡᠷᠢᠨ ᠬᠦᠨᠳᠦᠳᠬᠡᠬᠦ᠂ ᠲᠠᠨᠢᠨ ᠮᠡᠳᠡᠬᠦᠢ ᠶᠢᠨ ᠤᠬᠠᠭᠠᠷᠠᠯ ᠳᠤ ᠬᠠᠲᠠᠭᠤ ᠲᠤᠯᠭᠠᠭᠤᠷᠯᠠᠵᠤ ᠪᠠᠶᠢᠵᠠᠢ᠃ ᠠᠩ ᠠᠮᠢᠲᠠᠨ ᠢ ᠠᠪᠠᠯᠠᠬᠤ᠂ ᠠᠩ ᠭᠥᠷᠥᠭᠡᠨ ᠳᠤ ᠮᠣᠷᠳᠠᠬᠤ ᠳᠠᠭᠠᠨ ᠬᠤᠭᠤᠰᠤᠯᠠᠨ ᠦᠭᠡᠶᠢᠷᠡᠭᠦᠯᠬᠦ᠂ ᠬᠤᠪᠳᠣᠭᠯᠠᠨ ᠰᠢᠨᠤᠬᠠᠶᠢᠷᠠᠬᠤ᠂ ᠣᠯᠵᠠ ᠠᠰᠢᠭ ᠡᠷᠢᠯᠬᠢᠯᠡᠬᠦ ᠶᠠᠮᠠᠷ ᠨᠢᠭᠡᠨ ᠪᠤᠳᠤᠯ ᠰᠠᠨᠠᠭ᠎ᠠ ᠣᠭᠲᠣᠬᠠᠨ ᠴᠦ ᠪᠠᠶᠢᠭ᠎ᠠ ᠦᠭᠡᠢ᠂ ᠬᠠᠷᠢᠨ ᠭᠠᠭᠴᠠ ᠬᠥ᠋ ᠬᠠᠩᠭᠠᠢ ᠶᠢᠨ ᠬᠡᠰᠢᠭ ᠢ ᠵᠥᠪ ᠬᠦᠷᠲᠡᠵᠦ ᠠᠮᠢᠳᠤᠷᠠᠯ ᠠᠬᠤᠢ ᠪᠠᠨ ᠪᠠᠶᠢᠭᠠᠯᠢ ᠶᠢᠨ ᠢᠶᠠᠨ ᠪᠠᠶᠠᠯᠢᠭ ᠢᠶᠠᠷ ᠲᠡᠳᠬᠦᠬᠦ᠂ ᠡᠨᠡ ᠦᠵᠡᠯ ᠰᠠᠨᠠᠭ᠎ᠠ ᠦᠶ᠎ᠡ ᠶᠢᠨ ᠦᠶ᠎ᠡ ᠳᠤ ᠤᠯᠠᠮᠵᠢᠯᠠᠭᠳᠠᠨ ᠳᠠᠮᠵᠢᠬᠤ ᠪᠤᠳᠤᠯ ᠤᠬᠠᠭᠠᠷᠠᠯ ᠳᠤ ᠬᠦᠨᠳᠦᠯᠡᠭᠳᠡᠳᠡᠭ ᠪᠠᠶᠢᠵᠠᠢ᠃ ᠠᠩ ᠠᠮᠢᠳᠠᠨ ᠦᠷᠡᠵᠢᠬᠦ ᠲᠥᠯᠵᠢᠬᠦ᠂ ᠦᠰᠦ ᠠᠷᠠᠰᠤ᠂ ᠲᠠᠷᠭᠤ ᠬᠦᠴᠦ ᠭᠦᠢᠴᠡᠬᠦ ᠴᠠᠭ ᠬᠤᠭᠤᠴᠠᠭ᠎ᠠ ᠶᠢ ᠨᠠᠷᠢᠨ ᠲᠠᠨᠢᠨ ᠮᠡᠳᠡᠵᠥ᠂ ᠵᠥᠪ ᠰᠣᠩᠭᠤᠨ ᠠᠪᠴᠤ᠂ ᠠᠩ ᠠᠪᠠ ᠬᠢᠳᠡᠭ᠃ ᠠᠩ ᠤᠨ ᠮᠢᠬ᠎ᠠ᠂ ᠠᠷᠠᠰᠤ ᠵᠡᠷᠭᠡ ᠣᠯᠵᠠᠪᠤᠷᠢ ᠪᠠᠨ ᠲᠤᠶᠢᠯ ᠢᠶᠠᠷ ᠬᠦᠨᠳᠦᠯᠡᠨ ᠠᠷᠠᠴᠢᠯᠠᠨ ᠬᠡᠷᠡᠭᠯᠡᠳᠡᠭ ᠬᠠᠲᠠᠭᠤ ᠲᠣᠭᠲᠠᠭᠰᠠᠨ ᠤᠯᠠᠮᠵᠢᠯᠠᠯ ᠲᠠᠢ᠃ ᠵᠥᠪᠬᠡᠨ ᠠᠩ ᠠᠩᠨᠠᠭᠤᠷ ᠤᠨ ᠴᠠᠭ ᠬᠤᠭᠤᠴᠠᠭᠠᠨ ᠤ ᠭᠠᠭᠴᠠ ᠵᠢᠱᠢᠶ᠎ᠡ ᠶᠢ ᠬᠡᠯᠡᠬᠦ ᠳᠤ ᠴᠠᠭᠠᠨ ᠵᠡᠭᠡᠷ᠎ᠡ ᠴᠠᠭᠠᠨ ᠰᠢᠭᠦᠳᠡᠷᠢ ᠠᠴᠠ ᠡᠬᠢᠯᠡᠨ ᠨᠠᠷᠠ ᠪᠤᠴᠠᠵᠤ ᠶᠢᠰᠦ ᠡᠬᠢᠯᠡᠬᠦ ᠬᠥᠷᠳᠡᠯ᠎ᠡ᠂ ᠦᠨᠡᠭᠡ᠂ ᠬᠢᠷᠰᠠ ᠶᠢ ᠬᠢᠷᠠᠭᠤ ᠤᠨᠠᠬᠤ ᠠᠴᠠ ᠡᠬᠢᠯᠡᠵᠦ ᠬᠠᠪᠤᠷ ᠤᠨ ᠤᠷᠢ ᠣᠷᠣᠬᠤ ᠬᠥᠷᠳᠡᠯ᠎ᠡ ᠠᠩᠨᠠᠵᠤ ᠪᠠᠶᠢᠵᠠᠢ᠃ ᠪᠤᠰᠤᠳ ᠴᠠᠭ ᠬᠤᠭᠤᠴᠠᠭᠠᠨ ᠳᠤ ᠡᠳᠡᠭᠡᠷ ᠠᠮᠢᠲᠠᠨ ᠢ ᠠᠩᠨᠠᠳᠠᠭ ᠦᠭᠡᠢ ᠪᠠᠶᠢᠭᠰᠠᠨ ᠪᠥᠭᠡᠳ ᠤᠴᠢᠷ ᠨᠢ ᠪᠤᠰᠤᠳ ᠦᠶ᠎ᠡ ᠳᠤ ᠠᠩᠨᠠᠭᠰᠠᠨ ᠠᠩ ᠤᠨ ᠣᠯᠵᠠᠪᠤᠷᠢ ᠨᠢ ᠬᠥᠮᠥᠨ ᠤ ᠠᠮᠢᠳᠤᠷᠠᠯ ᠠᠬᠤᠢ ᠳᠤ ᠠᠰᠢᠭ ᠦᠭᠡᠢ ᠪᠠᠶᠢᠳᠠᠭ ᠠᠵᠢ᠃           ᠮᠣᠩᠭᠤᠯ ᠬᠥᠮᠥᠨ ᠨᠤᠲᠤᠭ ᠨᠤᠭᠤ ᠶᠢᠨ ᠢᠶᠠᠨ ᠠᠩ ᠠᠮᠢᠲᠠᠨ ᠢ ᠨᠡᠯᠦᠩᠬᠡᠢ ᠳᠤᠨᠢ ᠬᠠᠶᠢᠷᠠᠯᠠᠵᠤ ᠬᠠᠮᠠᠭᠠᠯᠠᠵᠤ ᠢᠷᠡᠭᠰᠡᠨ ᠠᠴᠠ ᠭᠠᠳᠠᠨ᠎ᠠ ᠵᠠᠷᠢᠮ ᠲᠥᠷᠥᠯ ᠤᠨ ᠠᠮᠢᠲᠠᠨ ᠳᠤ ᠢᠯᠡᠭᠦᠦ ᠬᠦᠨᠳᠦᠳᠬᠡᠯ ᠦᠵᠡᠭᠦᠯᠵᠦ᠂ ᠬᠠᠮᠠᠭᠠᠯᠠᠬᠤ ᠠᠷᠭ᠎ᠠ ᠤᠬᠠᠭᠠᠨ ᠢ ᠶᠠᠩᠵᠤ ᠪᠦᠷᠢ ᠪᠠᠷ ᠬᠡᠷᠡᠭᠯᠡᠵᠦ ᠪᠠᠶᠢᠭᠰᠠᠨ ᠨᠢ ᠶᠡᠬᠡᠬᠡᠨ ᠰᠣᠨᠢᠷᠬᠠᠯᠲᠠᠢ ᠶᠤᠮ᠃ ᠤᠰᠤ ᠭᠤᠣᠯ ᠳᠤ ᠣᠷᠣᠰᠢᠬᠤ ᠵᠢᠭᠠᠰᠤ ᠵᠢᠷᠠᠭᠠᠬᠠᠢ ᠶᠢ ᠯᠤᠤᠰ ᠤᠨ ᠠᠮᠢᠲᠠᠨ ᠭᠡᠵᠦ ᠦᠵᠡᠨ ᠮᠢᠬ᠎ᠠ ᠶᠢ ᠨᠢ ᠬᠦᠨᠡᠰᠦᠨ ᠳᠡᠭᠡᠨ ᠤᠠᠠᠳᠤ ᠬᠡᠷᠡᠭᠯᠡᠳᠡᠭ ᠦᠭᠡᠢ ᠪᠠᠶᠢᠪᠠ᠃ ᠨᠡᠩ ᠬᠤᠪᠣᠷᠳᠠᠭᠰᠠᠨ ᠠᠮᠢᠲᠠᠳ᠂ ᠨᠤᠲᠤᠭ ᠪᠡᠯᠴᠢᠭᠡᠷ ᠬᠥᠭᠡᠭᠡᠨ ᠢᠷᠡᠭᠰᠡᠨ ᠵᠡᠭᠡᠷ᠎ᠡ ᠭᠥᠷᠥᠭᠡᠰᠦ᠂ ᠠᠷᠭᠠᠯᠢ ᠶᠠᠩᠬᠢᠷ ᠵᠡᠷᠭᠡ ᠠᠮᠢᠲᠠᠳ᠂ ᠨᠡᠭᠦᠳᠡᠯ ᠤᠨ ᠰᠢᠪᠠᠭᠤᠳ ᠵᠡᠷᠭᠡ ᠶᠢ ᠠᠶᠤᠯᠭᠠᠵᠤ ᠦᠷᠭᠦᠭᠡᠬᠦ᠂ ᠠᠩᠨᠠᠵᠤ ᠬᠤᠷᠣᠭᠠᠬᠤ ᠨᠢ ᠨᠢᠭᠦᠯ ᠬᠢᠯᠢᠨᠴᠡ ᠲᠠᠢ ᠥᠢᠯᠡ ᠭᠡᠵᠦ ᠦᠵᠡᠳᠡᠭ᠃ ᠠᠮᠢᠲᠠᠨ ᠤ ᠦᠷ᠎ᠡ ᠲᠥᠯ᠂ ᠵᠤᠯᠵᠠᠭ᠎ᠠ᠂ ᠬᠡᠭᠡᠯᠢ ᠨᠢ ᠬᠦᠨᠳᠦᠷᠡᠭᠰᠡᠨ ᠪᠤᠶᠤ ᠨᠢᠯᠬ᠎ᠠ ᠦᠷ᠎ᠡ ᠲᠥᠯ ᠢᠶᠠᠨ ᠳᠠᠭᠠᠭᠤᠯᠤᠭᠰᠠᠨ ᠠᠮᠢᠲᠠᠨ᠂ ᠢᠵᠢᠯᠢ ᠬᠤᠣᠰ ᠵᠢᠭᠦᠷᠲᠡᠨ ᠢ ᠠᠪᠠᠯᠠᠬᠤ ᠶᠢ ᠪᠤᠤ ᠬᠡᠯᠡ᠂ ᠦᠷᠭᠦᠭᠡᠵᠦ ᠰᠣᠴᠢᠭᠠᠬᠤ ᠠᠴᠠ ᠴᠦ ᠪᠣᠯᠭᠤᠮᠵᠢᠯᠠᠨ ᠡᠮᠢᠶᠡᠳᠡᠭ ᠬᠥᠮᠦᠯᠢᠭ ᠡᠨᠡᠷᠢᠩᠭᠦᠢ ᠶᠣᠰᠣ ᠵᠠᠩᠰᠢᠯ ᠡᠪᠦᠭᠡ ᠳᠡᠭᠡᠳᠦᠰ ᠤᠨ ᠮᠠᠨᠢ ᠮᠢᠬ᠎ᠠ ᠴᠢᠰᠤᠨ ᠳᠤ ᠰᠢᠩᠭᠡᠭᠰᠡᠨ ᠪᠠᠶᠢᠨ᠎ᠠ᠃            ᠲᠤᠬᠠᠶᠢᠯᠠᠪᠠᠯ᠄ ᠪᠤᠭᠤ᠂ ᠪᠠᠭᠠᠪᠠᠭᠠᠢ᠂ ᠴᠢᠨ᠋ᠸ᠎ᠠ᠂ ᠴᠠᠭᠠᠨ ᠱᠣᠩᠬᠤᠷ᠂ ᠵᠡᠷᠭᠡ ᠠᠮᠢᠲᠠᠨ ᠢ ᠪᠤᠰᠤᠳ ᠠᠴᠠ ᠣᠨᠴᠠᠭᠠᠶᠢᠯᠠᠨ ᠬᠦᠨᠳᠦᠯᠡᠵᠦ᠂ ᠠᠩᠨᠠᠵᠤ ᠠᠪᠠᠯᠠᠬᠤ ᠦᠶ᠎ᠡ ᠢᠷᠡᠬᠦ ᠳᠤ ᠡᠨᠡᠷᠢᠯ ᠬᠦᠨᠳᠦᠳᠬᠡᠯ ᠤᠨ ᠵᠠᠩ ᠥᠢᠯᠡ ᠨᠢ ᠴᠦ ᠥᠪᠡᠷᠮᠢᠴᠡ ᠣᠨᠴᠠᠯᠢᠭ ᠲᠠᠢ ᠪᠠᠶᠢᠭᠰᠠᠨ ᠨᠢ ᠪᠠᠶᠢᠭᠠᠯᠢ ᠬᠠᠮᠠᠭᠠᠯᠠᠬᠤ ᠭᠡᠬᠦ ᠠᠴᠠ ᠪᠠᠨ ᠢᠯᠡᠭᠦᠦ ᠲᠠᠢ ᠪᠠᠷ ᠮᠠᠭᠠᠳ ᠦᠭᠡᠢ ᠪᠢᠳᠡᠨ ᠤ ᠡᠪᠦᠭᠡ ᠳᠡᠭᠡᠳᠦᠰ ᠲᠡᠳᠡᠭᠡᠷ ᠠᠮᠢᠲᠠᠨ ᠢ ᠥᠪᠡᠷ ᠤᠨ ᠭᠠᠷᠤᠯ ᠡᠭᠦᠰᠦᠯ᠂ ᠢᠪᠡᠭᠡᠨ ᠲᠡᠳᠬᠦᠭᠴᠢ ᠲᠠᠯᠳᠠ ᠶᠢᠨ ᠬᠦᠴᠦ᠂ ᠤᠡᠭᠭᠤᠨ ᠰᠦᠯᠳᠡ ᠲᠠᠢ ᠬᠤᠯᠪᠣᠨ ᠦᠵᠡᠵᠦ ᠬᠥᠨᠳᠥᠳᠬᠡᠵᠥ ᠪᠠᠶᠢᠭᠰᠠᠨ ᠲᠠᠢ ᠬᠤᠯᠪᠤᠭ᠎ᠠ ᠲᠠᠢ ᠤᠯᠠᠮᠵᠢᠯᠠᠯ ᠪᠠᠶᠢᠬᠤ ᠶᠢ ᠥᠭᠡᠶᠢᠰᠭᠡᠬᠦ ᠠᠷᠭ᠎ᠠ ᠦᠭᠡᠢ ᠶᠤᠮ᠃
 
ᠢᠷᠡᠯᠲᠡ᠄ ᠬᠦᠯᠦᠨ ᠪᠦᠢᠷ ᠬᠤᠲᠠ ᠶᠢᠨ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号