ᠣᠷᠢᠶᠠᠩᠬᠠᠨ ᠣ᠂ ᠶᠣᠨᠳᠣᠨ | ᠦᠵᠦᠮᠦᠴᠢᠨ ᠤ ᠪᠡᠯᠴᠢᠭᠡᠷ ᠨᠤᠲᠤᠭ ᠢᠶᠠᠨ ᠠᠰᠢᠭᠯᠠᠬᠤ ᠠᠷᠭ᠎ᠠ ᠠᠪᠴᠢᠯ | ᠪᠡᠯᠴᠢᠭᠡᠷ ᠨᠤᠲᠤᠭ ᠪᠣᠯ ᠨᠡᠭᠦᠳᠡᠯ ᠮᠠᠯᠵᠢᠯ ᠤᠨ ᠰᠠᠭᠤᠷᠢ ᠪᠤᠯᠬᠤ ᠮᠥᠷᠲᠡᠭᠡᠨ ᠮᠠᠯ ᠠᠵᠤ ᠠᠬᠤᠢ ᠶᠢᠨ | ᠦᠨᠳᠦᠰᠦᠨ ᠦᠢᠯᠡᠳᠪᠦᠷᠢᠯᠡᠯ ᠤᠨ ᠬᠡᠷᠡᠭᠰᠡᠯ ᠪᠣᠯᠵᠤ᠂ ᠮᠠᠯᠴᠢᠳ ᠤᠨ ᠣᠷᠣᠰᠢᠨ ᠲᠣᠭᠲᠠᠨᠢᠬᠤ ᠦᠨᠳᠦᠰᠦᠨ | ᠠᠮᠢᠳᠤᠷᠠᠯ ᠤᠨ ᠲᠦᠰᠢᠭ ᠨᠢ ᠪᠣᠯᠵᠤ ᠪᠠᠶᠢᠳᠠᠭ᠃ ᠬᠡᠷᠪᠡ ᠪᠡᠯᠴᠢᠭᠡᠷ ᠨᠤᠲᠤᠭ ᠢᠶᠠᠨ ᠠᠯᠳᠠᠪᠠᠯ ᠠᠮᠢᠳᠤᠷᠠᠯ | ᠦᠢᠯᠡᠳᠪᠦᠷᠢᠯᠡᠯ ᠤᠨ ᠦᠨᠳᠦᠰᠦᠨ ᠨᠥᠬᠦᠴᠡᠯ ᠪᠣᠯᠣᠮᠵᠢ ᠪᠠᠨ ᠪᠦᠷᠢᠮᠦᠰᠦᠨ ᠠᠯᠳᠠᠬᠤ ᠪᠣᠯᠣᠨ᠎ᠠ᠃ ᠶᠠᠭ ᠡᠨᠡᠬᠦ | ᠦᠨᠳᠦᠰᠦᠨ ᠠᠮᠢᠨ ᠬᠡᠷᠡᠭᠴᠡᠭᠡ ᠠᠴᠠ ᠪᠠᠨ ᠪᠣᠯᠵᠤ᠂ ᠦᠵᠦᠮᠦᠴᠢᠨ ᠮᠠᠯᠴᠢᠳ ᠪᠡᠯᠴᠢᠭᠡᠷ ᠨᠤᠲᠤᠭ ᠢᠶᠠᠨ ᠨᠠᠨᠳᠢᠩᠨᠠᠨ | ᠬᠠᠶᠢᠷᠠᠯᠠᠬᠤ᠂ ᠲᠠᠨᠢᠵᠤ ᠣᠶᠢᠯᠠᠭᠠᠬᠤ ᠮᠥᠷᠲᠡᠭᠡᠨ ᠲᠣᠬᠢᠲᠠᠢ ᠠᠰᠢᠭᠯᠠᠬᠤ ᠮᠡᠳᠡᠯᠭᠡ ᠮᠡᠷᠭᠡᠵᠢᠯ ᠢ ᠪᠦᠲᠦᠭᠡᠯᠴᠢ ᠪᠠᠷ | ᠡᠭᠦᠳᠦᠨ ᠡᠵᠡᠮᠰᠢᠵᠦ᠂ ᠤᠯᠠᠮᠵᠢᠯᠠᠨ ᠦᠷᠭᠦᠯᠵᠢᠯᠡᠭᠦᠯᠦᠭᠰᠡᠨ ᠪᠠᠶᠢᠳᠠᠭ᠃ ᠦᠵᠦᠮᠦᠴᠢᠨᠴᠦᠳ᠂ ᠤᠯᠠᠨ ᠬᠥᠳᠡᠯᠭᠡᠭᠡᠨᠲᠦ | ᠨᠡᠭᠦᠳᠡᠯ ᠮᠠᠯᠵᠢᠯ ᠤᠨ ᠶᠡᠷᠦᠩᠬᠡᠢ ᠰᠠᠭᠤᠷᠢᠨ ᠳᠡᠭᠡᠷ᠎ᠡ᠂ ᠲᠡᠭᠦᠨ ᠲᠠᠢ ᠤᠶᠠᠯᠳᠤᠭᠰᠠᠨ ᠤᠯᠠᠨ ᠠᠭᠤᠯᠭ᠎ᠠ ᠲᠠᠢ | ᠪᠡᠯᠴᠢᠭᠡᠷ ᠤᠨ ᠠᠮᠢ ᠠᠬᠤᠢ ᠶᠢᠨ ᠲᠠᠨᠢᠴᠠ ᠮᠡᠳᠡᠴᠡ ᠬᠢᠭᠡᠳ ᠮᠠᠯᠵᠢᠯᠭ᠎ᠠ ᠶᠢᠨ ᠭᠦᠨᠴᠡ ᠲᠠᠢ ᠲᠤᠷᠰᠢᠯᠭ᠎ᠠ ᠶᠢ | ᠡᠭᠦᠳᠦᠭᠰᠡᠨ ᠪᠠᠶᠢᠳᠠᠭ᠃ ᠮᠠᠯᠵᠢᠬᠤᠢ ᠮᠡᠷᠭᠡᠵᠢᠯ ᠢᠶᠠᠷ ᠪᠡᠯᠴᠢᠭᠡᠷ ᠲᠤ ᠵᠣᠬᠢᠴᠠᠬᠤ ᠴᠢᠳᠠᠪᠬᠢ ᠶᠢᠨ ᠲᠠᠯ᠎ᠠ ᠪᠠᠷ᠂ ᠮᠠᠯ | ᠮᠠᠯᠵᠢᠬᠤ ᠳᠠᠭᠠᠨ ᠭᠠᠵᠠᠷ ᠵᠦᠢ ᠶᠢᠨ ᠪᠠᠶᠢᠴᠠ᠂ ᠤᠷᠭᠤᠮᠠᠯ ᠤᠨ ᠲᠦᠷᠦᠯ ᠵᠦᠢᠯ᠂ ᠤᠰᠤ ᠲᠤᠨᠤᠳᠠᠰᠤ ᠶᠢ ᠪᠦᠬᠦ | ᠲᠠᠯ᠎ᠠ ᠪᠠᠷ ᠬᠠᠷᠠᠭᠠᠯᠵᠠᠨ᠂ ᠮᠠᠯ ᠰᠦᠷᠦᠭ ᠤᠨ ᠣᠨᠴᠠᠯᠢᠭ ᠲᠠᠭᠠᠨ ᠲᠣᠬᠢᠷᠠᠭᠤᠯᠤᠨ ᠮᠠᠯᠵᠢᠵᠤ᠂ ᠪᠡᠯᠴᠢᠭᠡᠷ ᠨᠤᠲᠤᠭ ᠤᠨ | ᠵᠣᠬᠢᠴᠠᠯ ᠢ ᠠᠩᠬᠠᠷᠴᠤ᠂ ᠳᠠᠬᠢᠨ ᠬᠡᠷᠡᠭᠯᠡᠬᠦ ᠳᠤ ᠪᠡᠯᠡᠳᠬᠡᠳᠡᠭ᠃ ᠪᠡᠯᠴᠢᠭᠡᠷ ᠢ ᠠᠰᠢᠭᠯᠠᠬᠤ ᠳᠤ ᠤᠯᠠᠷᠢᠯ ᠢᠶᠠᠷ | ᠠᠰᠢᠭᠯᠠᠬᠤ᠂ ᠣᠲᠣᠷᠯᠠᠵᠤ ᠠᠰᠢᠭᠯᠠᠬᠤ᠂ ᠮᠠᠯ ᠤᠨ ᠲᠦᠷᠦᠯ ᠵᠦᠢᠯ ᠳᠤ ᠲᠣᠬᠢᠷᠠᠭᠤᠯᠵᠤ ᠠᠰᠢᠭᠯᠠᠬᠤ᠂ ᠬᠤᠷᠯᠠᠭᠤᠯᠵᠤ | ᠠᠰᠢᠭᠯᠠᠬᠤ᠂ ᠨᠡᠭᠡᠭᠡᠵᠦ ᠠᠰᠢᠭᠯᠠᠬᠤ᠂ ᠬᠠᠳᠤᠯᠠᠩ ᠢᠶᠠᠷ ᠠᠰᠢᠭᠯᠠᠬᠤ ᠵᠡᠷᠭᠡ ᠤᠯᠠᠨ ᠠᠷᠭ᠎ᠠ ᠠᠪᠴᠢᠯ ᠢ ᠳᠠᠳᠮᠠᠭᠠᠢ ᠪᠠᠷ | ᠬᠡᠷᠡᠭᠯᠡᠳᠡᠭ᠃ ᠦᠵᠦᠮᠦᠴᠢᠨᠴᠦᠳ᠂ ᠮᠠᠯ ᠠᠵᠤ ᠠᠬᠤᠢ ᠶᠢ ᠡᠷᠬᠢᠯᠡᠬᠦ ᠶᠠᠪᠤᠴᠠ ᠳᠠᠭᠠᠨ ᠮᠠᠯ ᠬᠢᠭᠡᠳ ᠪᠡᠯᠴᠢᠭᠡᠷ ᠤᠨ | ᠬᠤᠭᠤᠷᠤᠨᠳᠤᠬᠢ ᠵᠥᠷᠢᠴᠡᠯ ᠢ ᠰᠠᠶᠢᠳᠪᠦᠷᠢᠯᠡᠬᠦ ᠮᠠᠰᠢ ᠤᠯᠠᠨ ᠤᠬᠢ ᠰᠢᠯᠢᠳᠡᠭ ᠠᠷᠭ᠎ᠠ ᠲᠤᠷᠰᠢᠯᠭ᠎ᠠ ᠶᠢ | ᠬᠤᠷᠠᠮᠳᠤᠭᠤᠯᠤᠭᠰᠠᠨ ᠪᠠᠶᠢᠭ᠎ᠠ ᠪᠥᠭᠡᠳ ᠶᠡᠭᠡ ᠰᠢᠰᠲ᠋ᠧᠮ ᠲᠠᠢ ᠪᠠᠷ ᠴᠠᠭ ᠠᠭᠠᠷ᠂ ᠪᠡᠯᠴᠢᠭᠡᠷ ᠤᠷᠭᠤᠮᠠᠯ᠂ ᠮᠠᠯ | ᠰᠦᠷᠦᠭ ᠤᠨ ᠪᠠᠶᠢᠳᠠᠯ ᠲᠠᠢ ᠪᠠᠨ ᠵᠣᠬᠢᠴᠠᠭᠤᠯᠤᠨ ᠬᠡᠷᠡᠭᠯᠡᠭᠰᠡᠨ ᠵᠢᠮ᠎ᠡ ᠶᠣᠰᠣ ᠲᠠᠢ ᠠᠵᠢᠯᠯᠠᠭ᠎ᠠ ᠶᠤᠮ᠃ | ⒈ ᠪᠡᠯᠴᠢᠭᠡᠷ ᠤᠨ ᠲᠣᠷᠭᠠᠨ ᠬᠥᠷᠥᠰᠥ ᠶᠢ ᠬᠠᠮᠠᠭᠠᠯᠠᠬᠤ᠃ ᠪᠡᠯᠴᠢᠭᠡᠷ ᠨᠤᠲᠤᠭ ᠤᠨ ᠬᠥᠷᠥᠰᠥ ᠨᠢ ᠵᠢᠯ ᠤᠨ | ᠪᠡᠯᠴᠢᠭᠡᠷ ᠤᠨ ᠤᠷᠭᠤᠴᠠ᠂ ᠴᠠᠭᠠᠨ ᠪᠤᠭ᠂ ᠬᠥᠬᠡ ᠪᠤᠭ ᠨᠢ ᠪᠤᠭᠰᠢᠮᠠᠯ ᠬᠠᠭᠳᠠᠨ ᠳᠠᠪᠬᠤᠷᠭ᠎ᠠ ᠪᠣᠯᠣᠨ ᠪᠦᠷᠢᠳᠦᠭᠡᠳ | ᠭᠠᠵᠠᠷ ᠤᠨ ᠬᠠᠷ᠎ᠠ ᠰᠢᠷᠣᠢ ᠶᠢᠨ ᠬᠥᠷᠥᠰᠥ ᠶᠢ ᠵᠤᠯᠠᠨ ᠪᠦᠷᠬᠦᠵᠦ ᠪᠦᠲᠦᠭᠡᠳ᠂ ᠬᠥᠷᠥᠰᠥᠨ ᠤ ᠰᠢᠮ᠎ᠡ ᠲᠡᠵᠢᠭᠡᠯ | ᠬᠢᠭᠡᠳ ᠴᠢᠬᠢᠭ ᠢ ᠬᠠᠳᠠᠭᠠᠯᠠᠳᠠᠭ ᠲᠣᠷᠭᠠᠨ ᠪᠦᠷᠬᠦᠪᠴᠢ ᠪᠤᠯᠳᠠᠭ᠃ ᠦᠵᠦᠮᠦᠴᠢᠨᠴᠦᠳ ᠡᠭᠦᠨ ᠢ ︽ᠪᠡᠯᠴᠢᠭᠡᠷ ᠤᠨ | ᠲᠣᠷᠭᠠᠨ ᠬᠥᠷᠥᠰᠥ︾ ᠭᠡᠳᠡᠭ᠃ ᠬᠠᠭᠳᠠ ᠡᠪᠡᠰᠦᠨ ᠤ ᠳᠠᠪᠬᠤᠷᠭ᠎ᠠ ᠨᠢ ᠬᠥᠷᠥᠰᠥ ᠰᠢᠷᠣᠢ ᠶᠢ ᠬᠠᠮᠠᠭᠠᠯᠠᠬᠤ ᠪᠠ | ᠨᠥᠬᠦᠪᠦᠷᠢᠯᠡᠬᠦ ᠦᠢᠯᠡᠳᠦᠯ ᠲᠠᠢ ᠪᠠᠶᠢᠵᠤ᠂ ᠪᠡᠯᠴᠢᠭᠡᠷ ᠤᠨ ᠠᠮᠢ ᠠᠬᠤᠢ ᠶᠢᠨ ᠲᠥᠯᠵᠢᠬᠦ ᠶᠢᠨ ᠦᠨᠳᠦᠰᠦᠨ | ᠨᠥᠬᠦᠴᠡᠯ ᠢ ᠪᠦᠷᠢᠯᠳᠦᠭᠦᠯᠦᠨ ᠦᠭᠳᠡᠭ᠃ ᠡᠶᠢᠮᠦ ᠠᠴᠠ ᠦᠵᠦᠮᠦᠴᠢᠨ ᠤ ᠠᠷᠠᠳ ᠤᠨ ᠰᠡᠴᠡᠨ ᠦᠭᠡᠨ ᠳᠤ | ︽ᠭᠤᠷᠪᠠᠨ ᠵᠢᠯ ᠤᠨ ᠬᠥᠬᠡ ᠬᠠᠭᠳᠠ ᠭᠤᠳᠤᠯ ᠤᠨ ᠤᠯᠠ ᠶᠢ ᠲᠣᠰᠣᠳᠠᠳᠠᠭ︾ ︽ᠬᠠᠪᠤᠷ ᠤᠨ ᠬᠤᠷ᠎ᠠ ᠨᠠᠮᠤᠷ ᠲᠠᠭᠠᠨ | ᠲᠣᠰᠣ᠂ ᠬᠠᠭᠳᠠ ᠲᠠᠢ ᠡᠪᠡᠰᠦ ᠥᠨᠢᠳᠡ ᠳᠡᠭᠡᠨ ᠲᠣᠰᠣ︾ ᠭᠡᠵᠦ ᠪᠠᠶᠢᠳᠠᠭ ᠨᠢ ᠶᠠᠭ ᠡᠨᠡᠬᠦ ᠬᠠᠭᠳᠠ ᠡᠪᠡᠰᠦ ᠪᠤᠯᠬᠤ | ᠪᠤᠭ ᠤᠨ ᠳᠠᠪᠬᠤᠷᠭ᠎ᠠ ᠶᠢᠨ ᠴᠢᠬᠤᠯᠠ ᠴᠢᠨᠠᠷ ᠢ ᠥᠭᠦᠯᠡᠭᠰᠡᠨ ᠪᠠᠶᠢᠭ᠎ᠠ ᠶᠤᠮ᠃ ᠪᠤᠭ ᠲᠠᠢ ᠭᠠᠵᠠᠷ ᠪᠡᠯᠴᠢᠭᠡᠷ ᠥᠳᠬᠡᠨ | ᠭᠠᠷᠳᠠᠭ ᠶᠣᠰᠣ ᠶᠢ ᠳᠡᠳᠡ ᠰᠠᠶᠢᠨ ᠣᠶᠢᠯᠠᠭᠠᠳᠠᠭ ᠪᠣᠯᠬᠤᠷ ︽ᠪᠡᠯᠴᠢᠭᠡᠷ ᠤᠨ ᠲᠣᠷᠭᠠᠨ ᠬᠥᠷᠥᠰᠥ ᠶᠢ ᠬᠠᠮᠠᠭᠠᠯᠠᠬᠤ︾ | ᠭᠡᠵᠦ ᠲᠦᠷᠪᠡᠨ ᠤᠯᠠᠷᠢᠯ ᠤᠨ ᠪᠡᠯᠴᠢᠭᠡᠷ ᠬᠤᠪᠢᠶᠠᠨ ᠮᠠᠯᠵᠢᠬᠤ᠂ ᠰᠠᠷ᠎ᠠ ᠪᠤᠶᠤ ᠲᠤᠯᠤᠭ᠎ᠠ ᠬᠤᠨᠤᠭ ᠢᠶᠠᠷ ᠣᠲᠣᠷᠯᠠᠨ | ᠢᠮᠠᠭᠲᠠ ᠨᠡᠭᠦᠨ ᠰᠢᠯᠵᠢᠳᠡᠭ ᠨᠢ ᠶᠠᠭ ᠡᠨᠡᠬᠦ ᠬᠠᠭᠳᠠ ᠡᠪᠡᠰᠦ ᠪᠤᠯᠬᠤ ᠲᠣᠷᠭᠠᠨ ᠬᠥᠷᠥᠰᠥ ᠶᠢ ᠬᠠᠮᠠᠭᠠᠯᠠᠬᠤ ᠶᠢᠨ | ᠲᠤᠯᠠᠳᠠ ᠪᠠᠶᠢᠵᠤ᠂ ᠪᠦᠬᠦ ᠤᠷᠭᠤᠮᠠᠯ ᠤᠨ ᠭᠠᠷᠴᠠ᠂ ᠤᠷᠭᠤᠯᠲᠠ ᠶᠢᠨ ᠬᠤᠭᠤᠴᠠᠭ᠎ᠠ᠂ ᠦᠷᠡᠯᠡᠨ ᠰᠠᠴᠤᠬᠤ ᠵᠡᠷᠭᠡ ᠳᠤᠨᠢ | ᠲᠤᠯᠲᠠᠯ᠎ᠠ ᠰᠢᠨᠵᠢᠯᠡᠨ᠂ ᠤᠷᠭᠤᠮᠠᠯ ᠤᠨ ᠦᠢᠯᠡᠳᠪᠦᠷᠢᠯᠡᠯ ᠤᠨ ᠬᠦᠴᠦᠨ ᠢ ᠭᠦᠢᠴᠡᠳ ᠪᠠᠲᠤᠯᠠᠳᠠᠭ᠃ ᠡᠨᠡ ᠪᠣᠯ | ᠨᠡᠭᠦᠳᠡᠯ ᠮᠠᠯᠵᠢᠯ ᠤᠨ ᠰᠣᠶᠣᠯ ᠤᠨ ᠡᠭᠦᠰᠪᠦᠷᠢ ᠪᠣᠯᠤᠭᠰᠠᠨ ᠤ ᠰᠢᠯᠲᠠᠭᠠᠨ ᠪᠠᠶᠢᠵᠤ ᠲᠠᠭᠠᠷᠠᠨ᠎ᠠ᠃ | ᠬᠠᠭᠳᠠ ᠡᠪᠡᠰᠦ ᠶᠢ ᠦᠵᠦᠮᠦᠴᠢᠨᠴᠦᠳ᠂ ᠴᠠᠭᠠᠨ ᠪᠤᠭ᠂ ᠬᠥᠬᠡ ᠪᠤᠭ᠂ ᠦᠵᠡᠭᠡᠯ ᠪᠤᠭ ᠭᠡᠵᠦ ᠢᠯᠭᠠᠨ ᠶᠠᠷᠢᠳᠠᠭ᠃ | ᠪᠤᠭ ᠡᠪᠡᠰᠦ ᠪᠣᠯ ᠮᠠᠯ ᠤᠨ ᠢᠳᠡᠰᠢᠨ ᠤ ᠰᠢᠮ᠎ᠡ ᠲᠡᠵᠢᠭᠡᠯ ᠢ ᠨᠥᠬᠦᠪᠦᠷᠢᠯᠡᠳᠡᠭ ᠥᠨᠳᠥᠷ ᠰᠢᠮ᠎ᠡ ᠲᠡᠵᠢᠭᠡᠯᠲᠦ | ᠤᠷᠭᠤᠮᠠᠯ ᠤᠨ ᠪᠤᠭᠰᠢᠮᠠᠯ ᠪᠠᠶᠢᠵᠤ᠂ ᠮᠠᠯᠵᠢᠯ ᠤᠨ ᠡᠩ ᠤᠨ ᠲᠤᠷᠰᠢᠯᠭ᠎ᠠ ᠪᠠᠷ ᠪᠣᠯ ᠬᠠᠪᠤᠷ ᠤᠨ ᠨᠣᠭᠤᠭᠠᠨ ᠤ ᠡᠬᠢᠨ ᠤ | ᠦᠶ᠎ᠡ ᠮᠠᠯ ᠨᠣᠭᠤᠭ᠎ᠠ ᠬᠥᠭᠡᠭᠡᠳ ᠮᠠᠭᠤᠳᠠᠬᠤ ᠠᠴᠠ ᠪᠣᠯᠭᠤᠮᠵᠢᠯᠠᠵᠤ᠂ ᠪᠤᠭ ᠨᠣᠭᠤᠭ᠎ᠠ ᠬᠤᠯᠢᠯᠳᠤᠭᠰᠠᠨ ᠪᠡᠯᠴᠢᠭᠡᠷ | ᠪᠤᠯᠬᠤ ︽ᠬᠤᠭᠤᠯᠠᠲᠤ ᠪᠤᠭ︾ ᠳᠤ ᠮᠠᠯ ᠢᠶᠠᠨ ᠲᠠᠯᠪᠢᠨ ᠢᠳᠡᠰᠢᠯᠡᠭᠦᠯᠳᠡᠭ᠃ ᠤᠶᠠᠭᠠᠨ ᠤ ᠮᠣᠷᠢ ᠶᠢ ᠭᠡᠳᠡᠰᠦ ᠶᠢ ᠨᠢ | ᠴᠢᠩᠭᠠᠯᠠᠬᠤ ᠭᠡᠵᠦ ᠪᠤᠭ ᠲᠠᠢ ᠪᠡᠯᠴᠢᠭᠡᠷ ᠲᠤ ᠠᠷᠭᠠᠮᠵᠢᠳᠠᠭ᠂ ᠮᠠᠯᠴᠢᠳ ᠬᠠᠭᠳᠠᠨ ᠤ ᠪᠡᠯᠴᠢᠭᠡᠷ ᠢ ᠢᠩᠭᠢᠵᠦ | ᠲᠣᠬᠢᠷᠠᠮᠵᠢᠲᠠᠢ ᠠᠰᠢᠭᠯᠠᠳᠠᠭ᠃ ᠨᠡᠩ ᠠᠳᠤᠭᠤ ᠪᠣᠯ ᠪᠤᠭ ᠬᠠᠮᠤᠬᠤ ᠳᠤᠷᠠᠰᠢᠯ ᠲᠠᠢ ᠪᠠᠶᠢᠳᠠᠭ ᠢᠶᠠᠷ ᠡᠪᠦᠯ | ᠬᠠᠪᠤᠷ ᠤᠨ ᠤᠯᠠᠷᠢᠯ ᠳᠤ ᠪᠤᠭ ᠲᠠᠢ ᠪᠡᠯᠴᠢᠭᠡᠷ ᠲᠤ ᠲᠣᠭᠲᠠᠪᠤᠷᠢᠲᠠᠢ ᠢᠳᠡᠰᠢᠯᠡᠳᠡᠭ ᠶᠤᠮ᠃ ᠭᠡᠪᠡᠴᠦ ᠰᠢᠮ᠎ᠡ ᠲᠠᠢ | ᠲᠣᠭᠲᠠᠪᠤᠷᠢᠲᠠᠢ ᠪᠠᠶᠢᠨ᠎ᠠ ᠭᠡᠳ ᠨᠢᠭᠡ ᠯᠡ ᠭᠠᠵᠠᠷ ᠲᠤ ᠤᠳᠠᠭᠠᠨ ᠲᠠᠯᠪᠢᠵᠤ ᠪᠡᠯᠴᠢᠭᠡᠷ ᠢᠶᠠᠨ ᠬᠠᠯᠴᠠᠭᠠᠶᠢᠷᠠᠭᠤᠯᠬᠤ | ᠪᠢᠰᠢ ᠢᠮᠠᠭᠲᠠ ᠪᠡᠯᠴᠢᠭᠡᠷ ᠢ ᠨᠢ ᠰᠡᠯᠭᠦᠨ ᠥᠭᠴᠦ ᠪᠠᠶᠢᠳᠠᠭ᠃ ᠪᠡᠯᠴᠢᠭᠡᠷ ᠤᠨ ᠲᠣᠷᠭᠠᠨ ᠬᠥᠷᠥᠰᠥ ᠶᠢ ᠬᠠᠮᠠᠭᠠᠯᠠᠬᠤ | ᠡᠨᠡ ᠪᠣᠯ ᠪᠡᠯᠴᠢᠭᠡᠷ ᠠᠰᠢᠭᠯᠠᠬᠤ ᠶᠢᠨ ᠬᠠᠮᠤᠭ ᠤᠨ ᠤᠷᠢᠳᠠᠴᠢ ᠱᠠᠭᠠᠷᠳᠠᠯᠭ᠎ᠠ ᠪᠤᠯᠳᠠᠭ ᠤᠴᠢᠷ ᠲᠠᠢ᠃ | ⒉ ᠪᠡᠯᠴᠢᠭᠡᠷ ᠢ ᠤᠯᠠᠷᠢᠯ ᠢᠶᠠᠷ ᠪᠤᠶᠤ ᠣᠲᠣᠷᠯᠠᠵᠤ ᠠᠰᠢᠭᠯᠠᠬᠤ᠃ ᠪᠡᠯᠴᠢᠭᠡᠷ ᠢ ᠤᠯᠠᠷᠢᠯ ᠢᠶᠠᠷ ᠪᠤᠶᠤ | ᠣᠲᠣᠷᠯᠠᠵᠤ ᠠᠰᠢᠭᠯᠠᠬᠤ ᠨᠢ ᠪᠡᠯᠴᠢᠭᠡᠷ ᠢ ᠳᠠᠵᠢᠷᠰᠢᠭᠤᠯᠬᠤ ᠦᠭᠡᠢ ᠪᠠᠶᠢᠬᠤ ᠦᠨᠳᠦᠰᠦᠨ ᠨᠥᠬᠦᠴᠡᠯ ᠤᠨ ᠳᠣᠣᠷ᠎ᠠ | ᠡᠪᠡᠰᠦ ᠤᠷᠭᠤᠮᠠᠯ ᠤᠨ ᠤᠷᠭᠤᠴᠠ ᠶᠢᠨ ᠰᠣᠶᠣᠭᠠᠯᠠᠬᠤ᠂ ᠴᠡᠴᠡᠭᠯᠡᠬᠦ᠂ ᠪᠣᠯᠪᠠᠰᠤᠷᠠᠬᠤ᠂ ᠦᠷ᠎ᠡ ᠰᠠᠴᠤᠬᠤ ᠵᠡᠷᠭᠡ ᠵᠢᠮ᠎ᠡ | ᠶᠣᠰᠣ ᠶᠢ ᠬᠦᠨᠳᠦᠳᠬᠡᠨ᠂ ᠠᠯᠢ ᠴᠠᠭ ᠬᠤᠭᠤᠴᠠᠭᠠᠨ ᠳᠤ ᠶᠠᠮᠠᠷ ᠤᠷᠭᠤᠮᠠᠯ ᠤᠷᠭᠤᠨ ᠪᠣᠶᠢᠵᠢᠳᠠᠭ᠂ ᠶᠠᠮᠠᠷ ᠴᠠᠭ | ᠦᠶ᠎ᠡ ᠳᠤ ᠠᠯᠢ ᠲᠦᠷᠦᠯ ᠤᠨ ᠡᠪᠡᠰᠦ ᠶᠢ ᠶᠠᠮᠠᠷ ᠮᠠᠯ ᠶᠠᠭᠠᠬᠢᠵᠤ ᠢᠳᠡᠳᠡᠭ ᠵᠡᠷᠭᠡ ᠶᠢ ᠪᠦᠬᠦ ᠲᠠᠯ᠎ᠠ ᠪᠠᠷ ᠬᠠᠷᠠᠭᠠᠯᠵᠠᠨ᠂ | ᠤᠯᠠᠨ ᠵᠦᠢᠯ ᠤᠨ ᠶᠠᠩᠵᠤ ᠬᠡᠯᠪᠡᠷᠢ ᠪᠠᠷ ᠤᠯᠠᠨ ᠬᠥᠳᠡᠯᠭᠡᠭᠡᠨᠲᠦ ᠣᠲᠣᠷ ᠨᠡᠭᠦᠳᠡᠯ ᠬᠢᠬᠦ ᠪᠤᠯᠭᠠᠭᠰᠠᠨ ᠠᠰᠢᠭᠲᠠᠢ | ᠲᠤᠷᠰᠢᠯᠭ᠎ᠠ ᠶᠢ ᠡᠭᠦᠳᠦᠭᠰᠡᠨ ᠪᠠᠶᠢᠨ᠎ᠠ᠃ | ᠬᠠᠪᠤᠷ ᠤᠨ ᠤᠯᠠᠷᠢᠯ ᠳᠤ ᠬᠠᠪᠤᠷᠵᠢᠶᠠᠨ ᠳᠠᠭᠠᠨ ᠪᠠᠭᠤᠭᠰᠠᠨ ᠤ ᠲᠠᠷᠠᠭ᠎ᠠ ᠤᠰᠤ ᠤᠶᠢᠷᠠᠯᠴᠠᠭ᠎ᠠ ᠭᠠᠵᠠᠷ ᠲᠤ | ᠰᠠᠭᠠᠬᠤ ᠶᠢᠨ ᠪᠡᠯᠴᠢᠭᠡᠷ᠂ ᠰᠤᠪᠠᠢ ᠶᠢᠨ ᠪᠡᠯᠴᠢᠭᠡᠷ ᠭᠡᠵᠦ ᠢᠯᠠᠭᠠᠬᠤ ᠪᠥᠭᠡᠳ ᠠᠯᠤᠰ ᠤᠨ ᠭᠠᠵᠠᠷ ᠲᠤ ᠠᠳᠤᠭᠤ | ᠲᠡᠮᠡᠭᠡ ᠶᠢᠨ ᠪᠡᠯᠴᠢᠭᠡᠷ᠂ ᠤᠶᠢᠷᠠᠯᠴᠠᠭ᠎ᠠ ᠭᠠᠵᠠᠷ ᠲᠤ ᠦᠬᠡᠷ ᠤᠨ ᠪᠡᠯᠴᠢᠭᠡᠷ ᠭᠡᠵᠦ ᠬᠤᠪᠢᠶᠠᠨ ᠮᠠᠯᠵᠢᠳᠠᠭ᠃ ᠵᠤᠨ ᠤ | ᠤᠯᠠᠷᠢᠯ ᠳᠤ ᠵᠤᠰᠠᠯᠠᠩ ᠳᠠᠭᠠᠨ ᠵᠤᠰᠠᠬᠤ ᠳᠤ ᠠᠯᠤᠰ ᠤᠨ ᠬᠠᠷᠠᠭ᠎ᠠ ᠲᠠᠢ ᠵᠣ ᠲᠠᠨᠵᠢᠨ ᠳᠡᠭᠡᠷ᠎ᠡ ᠪᠠᠭᠤᠵᠤ᠂ ᠰᠡᠷᠢᠭᠦᠨ | ᠠᠮᠢᠰᠬᠤᠯ ᠲᠠᠢ ᠢᠯᠠᠭ᠎ᠠ ᠬᠤᠷᠣᠬᠠᠢ ᠴᠥᠭᠡᠨ ᠪᠠᠶᠢᠬᠤ ᠭᠠᠵᠠᠷ ᠢ ᠰᠣᠩᠭᠤᠳᠠᠭ᠃ ᠨᠠᠮᠤᠷ ᠤᠨ ᠤᠯᠠᠷᠢᠯ ᠳᠤ | ᠨᠠᠮᠤᠷᠵᠢᠶ᠎ᠠ ᠳᠠᠭᠠᠨ ᠪᠠᠭᠤᠵᠤ᠂ ᠮᠠᠯ ᠤᠨ ᠲᠠᠷᠭᠤ ᠬᠦᠴᠦ ᠠᠪᠤᠭᠤᠯᠬᠤ ᠶᠢ ᠠᠩᠬᠠᠷᠴᠤ᠂ ᠬᠡᠳᠦ ᠬᠤᠨᠣᠭᠰᠠᠨ ᠤ ᠲᠠᠷᠠᠭ᠎ᠠ | ᠡᠪᠡᠰᠦᠨ ᠤ ᠰᠤᠷ ᠬᠡᠷᠪᠡᠭᠳᠡᠵᠦ ᠴᠥᠭᠡᠷᠡᠪᠡᠯ ᠴᠥᠭᠡᠨ ᠬᠤᠨᠤᠭ ᠡᠳᠦᠷ ᠢᠶᠠᠷ ᠪᠡᠯᠴᠢᠭᠡᠷ ᠰᠢᠯᠢᠨ ᠪᠠᠶᠢᠩᠭᠤ ᠬᠥᠩᠭᠡᠨ | ᠣᠲᠣᠷ ᠶᠠᠪᠤᠳᠠᠭ᠃ ᠡᠪᠦᠯ ᠤᠨ ᠤᠯᠠᠷᠢᠯ ᠳᠤ ᠨᠥᠮᠥᠷᠢ ᠳᠤᠯᠠᠭᠠᠨ ᠭᠠᠵᠠᠷ ᠪᠠᠭᠤᠵᠤ᠂ ᠮᠠᠯ ᠰᠦᠷᠦᠭ ᠤᠨ ᠬᠡᠪᠲᠡᠯᠭᠡ | ᠳᠤᠯᠠᠭᠠᠨ ᠭᠡᠳᠡᠰᠦ ᠳᠦᠭᠦᠷᠡᠩ ᠪᠠᠶᠢᠬᠤ ᠶᠢ ᠠᠩᠬᠠᠷᠳᠠᠭ᠃ ᠡᠩ ᠤᠨ ᠵᠢᠯ ᠳᠤ ᠣᠯᠠᠩᠬᠢ ᠳᠠᠭᠠᠨ ᠡᠨᠡ ᠮᠡᠲᠦ ᠪᠠᠷ | ᠡᠭᠡᠯᠵᠢᠯᠡᠵᠦ᠂ ᠮᠠᠰᠢ ᠡᠮᠬᠢ ᠵᠢᠷᠤᠮ ᠲᠠᠢ ᠳᠠᠪᠲᠠᠭᠳᠠᠳᠠᠭ᠃ ᠪᠡᠯᠴᠢᠭᠡᠷ ᠢ ᠮᠠᠯ ᠤᠨ ᠲᠦᠷᠦᠯ ᠢᠶᠠᠷ ᠲᠣᠬᠢᠷᠠᠭᠤᠯᠵᠤ | ᠠᠰᠢᠭᠯᠠᠬᠤ ᠨᠢ ᠪᠡᠯᠴᠢᠭᠡᠷ ᠤᠨ ᠠᠰᠢᠭᠯᠠᠮᠵᠢ ᠶᠢᠨ ᠲᠠᠯ᠎ᠠ ᠪᠠᠷ ᠵᠥᠷᠢᠴᠡᠯ ᠦᠭᠡᠢ ᠪᠤᠯᠳᠠᠭ᠃ ᠤᠴᠢᠷ ᠨᠢ ᠲᠠᠪᠤᠨ | ᠬᠤᠰᠢᠭᠤ ᠮᠠᠯ ᠤᠨ ᠢᠳᠡᠰᠢᠯᠡᠬᠦ ᠡᠪᠡᠰᠦ ᠤᠷᠭᠤᠮᠠᠯ᠂ ᠪᠡᠯᠴᠢᠭᠡᠷᠯᠡᠬᠦ ᠬᠡᠯᠪᠡᠷᠢ ᠮᠠᠶ᠋ᠢᠭ ᠨᠢ ᠴᠤ ᠬᠠᠷᠢᠯᠴᠠᠨ ᠠᠳᠠᠯᠢ | ᠦᠭᠡᠢ ᠪᠠᠶᠢᠳᠠᠭ᠃ | ᠣᠲᠣᠷᠯᠠᠵᠤ ᠠᠰᠢᠭᠯᠠᠬᠤ ᠳᠤ᠂ ᠤᠯᠠᠷᠢᠯ ᠤᠨ ᠨᠤᠲᠤᠭ ᠲᠤ ᠪᠠᠭᠤᠬᠤ ᠳᠠᠭᠠᠨ ᠨᠢᠭᠡ ᠯᠡ ᠨᠤᠲᠤᠭ ᠳᠡᠭᠡᠷ᠎ᠡ ᠪᠠᠨ | ᠲᠠᠷᠠᠭ᠎ᠠ ᠤᠯᠠᠷᠢᠯ ᠤᠨ ᠨᠡᠭᠦᠳᠡᠯ ᠢ ᠬᠦᠯᠢᠶᠡᠬᠦ ᠪᠢᠰᠢ᠂ ᠬᠠᠷᠢᠨ ᠤᠯᠠᠷᠢᠯ ᠤᠨ ᠪᠡᠯᠴᠢᠭᠡᠷ ᠤᠨ ᠳᠣᠲᠣᠷ᠎ᠠ ᠪᠠᠨ 7 - 10 | ᠬᠤᠨᠤᠭ ᠲᠤ ᠦᠨᠳᠦᠰᠦᠨ ᠳᠡᠭᠡᠨ ᠨᠤᠲᠤᠭ ᠰᠢᠯᠵᠢᠵᠦ ᠨᠡᠭᠦᠳᠡᠭ ᠤᠴᠢᠷ ᠲᠠᠢ᠃ ᠬᠡᠷᠪᠡ ᠭᠡᠷ ᠢᠶᠠᠷ ᠢᠶᠠᠨ ᠨᠡᠭᠦᠬᠦ | ᠦᠭᠡᠢ ᠪᠣᠯ ᠮᠥᠨ ᠬᠥᠩᠭᠡᠨ ᠣᠲᠣᠷ ᠤᠷᠢᠳᠠᠪᠠᠷ ᠶᠠᠪᠤᠳᠠᠭ ᠪᠠᠶᠢᠵᠠᠢ᠃ ᠬᠥᠩᠭᠡᠨ ᠣᠲᠣᠷ ᠶᠠᠪᠤᠬᠤ ᠨᠢ ᠬᠠᠪᠤᠷ ᠪᠣᠯ | ᠮᠠᠯ ᠰᠦᠷᠦᠭ ᠢᠶᠠᠨ ᠬᠤᠭᠤᠯᠠᠲᠤ ᠪᠤᠭ ᠳᠤ ᠭᠠᠷᠭᠠᠬᠤ᠂ ᠬᠠᠪᠤᠷ ᠤᠨ ᠰᠡᠭᠦᠯᠴᠢ ᠳᠤ ᠨᠣᠭᠤᠭᠠᠨ ᠳᠤ ᠭᠠᠷᠭᠠᠬᠤ ᠳᠤ | ᠵᠣᠷᠢᠭᠤᠯᠵᠤ᠂ ᠵᠤᠨ ᠪᠣᠯ ᠣᠶᠢᠷ᠎ᠠ ᠲᠥᠰᠥᠷ ᠤᠨ ᠨᠠᠭᠤᠷ ᠲᠤᠨᠤᠳᠠᠰᠤ ᠪᠡᠯᠴᠢᠭᠡᠷ ᠤᠨ ᠰᠣᠷᠭᠤᠭ ᠢ ᠠᠰᠢᠭᠯᠠᠬᠤ᠂ ᠨᠠᠮᠤᠷ | ᠪᠣᠯ ᠮᠠᠯ ᠪᠡᠯᠴᠢᠭᠡᠷᠯᠡᠭᠰᠡᠨ ᠭᠠᠵᠠᠷ ᠠᠴᠠ ᠪᠤᠰᠤᠳ ᠰᠣᠷᠭᠤᠭ ᠪᠡᠯᠴᠢᠭᠡᠷ ᠲᠤ ᠣᠲᠣᠷ ᠬᠥᠭᠡᠭᠡᠬᠦ᠂ ᠭᠤᠪᠢ ᠱᠡᠦ ᠳᠤ | ᠤᠷᠤᠭᠤᠯᠬᠤ ᠵᠡᠷᠭᠡ ᠲᠠᠷᠭᠤ ᠠᠪᠤᠭᠤᠯᠬᠤ ᠳᠤ ᠭᠤᠣᠯᠳᠠᠭᠤ ᠵᠣᠷᠢᠭᠤᠯᠵᠤ᠂ ᠡᠪᠦᠯ ᠪᠣᠯ ᠣᠯᠠᠩᠬᠢ ᠳᠠᠭᠠᠨ ᠬᠥᠩᠭᠡᠨ | ᠣᠲᠣᠷ ᠶᠠᠪᠤᠬᠤ ᠦᠭᠡᠢ᠂ ᠭᠡᠷ ᠨᠡᠭᠦᠳᠡᠯ ᠢᠶᠠᠷ ᠢᠶᠠᠨ ᠶᠠᠪᠤᠳᠠᠭ ᠪᠥᠭᠡᠳ ᠴᠠᠰᠤᠨ ᠤ ᠨᠢᠮᠭᠡᠨ ᠡᠪᠡᠰᠦᠨ ᠤ ᠰᠣᠷᠭᠤᠭ᠂ | ᠭᠠᠵᠠᠷ ᠤᠨ ᠨᠥᠮᠥᠷᠢ ᠶᠢ ᠬᠠᠷᠠᠵᠤ ᠮᠠᠯᠵᠢᠳᠠᠭ᠃ ᠬᠥᠩᠭᠡᠨ ᠣᠲᠣᠷ ᠢ ᠠᠶᠢᠯ ᠡᠷᠦᠬᠡ ᠮᠠᠯ ᠰᠦᠷᠦᠭ ᠢᠶᠠᠷ ᠢᠶᠠᠨ | ᠭᠦᠢᠴᠡᠳᠬᠡᠳᠡᠭ ᠪᠠᠶᠢᠪᠠ᠃ ᠬᠥᠩᠭᠡᠨ ᠣᠲᠣᠷ ᠤᠨ ᠠᠷᠭ᠎ᠠ ᠬᠡᠯᠪᠡᠷᠢ ᠨᠢ ᠶᠡᠭᠡ ᠲᠦᠭᠦᠮ ᠳᠠᠷᠤᠢ ᠬᠠᠮ ᠲᠡᠷᠭᠡ᠂ | ᠤᠰᠤᠨ ᠭᠠᠩ ᠲᠠᠢ ᠪᠠᠨ ᠠᠪᠴᠤ᠂ ᠠᠯᠢ ᠪᠤᠯᠬᠤ ᠪᠠᠷ ᠰᠦᠷᠦᠭ ᠢᠶᠠᠨ ᠲᠠᠭᠠᠵᠦ ᠶᠠᠪᠤᠨ᠂ ᠮᠠᠨᠠᠭ᠎ᠠ ᠬᠠᠷᠢᠭᠤᠯᠭ᠎ᠠ ᠶᠢ | ᠵᠡᠷᠭᠡ ᠳᠤᠨᠢ ᠭᠦᠢᠴᠡᠳᠬᠡᠵᠦ᠂ ᠰᠦᠷᠦᠭ ᠪᠤᠴᠠᠬᠤ ᠶᠠᠪᠤᠳᠠᠯ ᠦᠭᠡᠢ᠂ ᠢᠩᠭᠢᠬᠦ ᠨᠢ ᠨᠢᠭᠡ ᠳᠤ ᠰᠦᠷᠦᠭ ᠬᠥᠭᠡᠭᠡᠭᠳᠡᠬᠦ | ᠦᠭᠡᠢ᠂ ᠬᠤᠶᠠᠷ ᠲᠤ ᠪᠡᠯᠴᠢᠭᠡᠷ ᠳᠠᠪᠲᠠᠭᠳᠠᠬᠤ ᠦᠭᠡᠢ ᠬᠤᠣᠰ ᠬᠡᠷᠡᠭᠴᠡᠭᠡᠲᠦ ᠮᠠᠯᠵᠢᠯᠭ᠎ᠠ ᠪᠣᠯᠣᠨ ᠶᠠᠪᠤᠭᠳᠠᠵᠤ | ᠪᠠᠶᠢᠳᠠᠭ ᠶᠤᠮ᠃ ᠪᠡᠯᠴᠢᠭᠡᠷ ᠨᠤᠲᠤᠭ ᠤᠨ ᠢᠶᠠᠨ ᠡᠪᠡᠰᠦᠨ ᠤ ᠤᠷᠭᠤᠴᠠ ᠶᠢᠨ ᠪᠠᠶᠢᠳᠠᠯ ᠢ ᠦᠨᠳᠦᠰᠦᠯᠡᠵᠦ | ᠬᠤᠯᠠ ᠶᠢᠨ ᠣᠲᠣᠷ ︵ᠪᠤᠰᠤᠳ ᠨᠢᠭᠡᠴᠡ ᠳᠤ︶ ᠶᠠᠪᠤᠬᠤ ᠪᠤᠶᠤ ᠣᠶᠢᠷ᠎ᠠ ᠲᠥᠰᠥᠷ ᠤᠨ ᠣᠲᠣᠷ ᠭᠡᠵᠦ ᠢᠯᠭᠠᠵᠤ | ᠶᠠᠪᠤᠭᠳᠠᠳᠠᠭ ᠶᠤᠮ᠃ | ⒊ ᠪᠡᠯᠴᠢᠭᠡᠷ ᠢ ᠬᠤᠷᠯᠠᠭᠤᠯᠵᠤ ᠠᠰᠢᠭᠯᠠᠬᠤ᠃ ᠪᠡᠯᠴᠢᠭᠡᠷ ᠢ ᠬᠤᠷᠯᠠᠭᠤᠯᠬᠤ ᠭᠡᠳᠡᠭ ᠪᠣᠯ ᠪᠦᠬᠦᠯᠢ ᠨᠢᠭᠡ ᠠᠴᠠ | ᠳᠡᠭᠡᠭᠰᠢ ᠵᠢᠯ ᠮᠠᠯ ᠪᠡᠯᠴᠢᠭᠡᠬᠦ ᠦᠭᠡᠢ ᠥᠨᠵᠢᠭᠡᠵᠦ᠂ ᠪᠡᠯᠴᠢᠭᠡᠷ ᠢᠶᠠᠨ ᠪᠣᠭᠰᠢᠭᠤᠯᠵᠤ ᠬᠥᠷᠥᠰᠥᠯᠡᠭᠦᠯᠬᠦ ᠶᠢ ᠬᠡᠯᠡᠨ᠎ᠡ᠃ | ᠡᠨᠡ ᠨᠢ ᠴᠢᠬᠢᠭ ᠢ ᠬᠠᠳᠠᠭᠠᠯᠠᠬᠤ ᠪᠠ ᠡᠪᠡᠰᠦ ᠤᠷᠭᠤᠮᠠᠯ ᠤᠨ ᠤᠷᠭᠤᠯᠲᠠ ᠶᠢᠨ ᠴᠢᠳᠠᠪᠬᠢ ᠶᠢ ᠤᠯᠠᠮ | ᠰᠠᠶᠢᠵᠢᠷᠠᠭᠤᠯᠬᠤ ᠶᠢᠨ ᠲᠥᠯᠥᠭᠡ ᠶᠤᠮ᠃ ᠡᠩ ᠤᠨ ᠵᠢᠯ ᠳᠤ ᠪᠣᠯ ᠲᠦᠷᠪᠡᠨ ᠤᠯᠠᠷᠢᠯ ᠪᠤᠶᠤ ᠣᠲᠣᠷᠯᠠᠬᠤ ᠠᠷᠭ᠎ᠠ | ᠮᠠᠶ᠋ᠢᠭ ᠢᠶᠠᠷ ᠪᠡᠯᠴᠢᠭᠡᠷ ᠤᠨ ᠳᠠᠷᠤᠭᠠᠰᠤ ᠶᠢ ᠬᠥᠩᠭᠡᠯᠡᠨ᠂ ᠪᠡᠯᠴᠢᠭᠡᠷ ᠤᠨ ᠳᠠᠵᠢᠷᠰᠢᠬᠤ ᠠᠴᠠ ᠰᠡᠷᠭᠡᠶᠢᠯᠡᠨ ᠮᠠᠯ ᠤᠨ | ᠲᠠᠯᠬᠢᠭᠳᠠᠯ ᠠᠴᠠ ᠵᠠᠶᠢᠯᠠᠭᠤᠯᠳᠠᠭ᠃ ᠭᠠᠩ ᠬᠠᠭᠰᠠᠷᠭᠠᠨ ᠣᠯᠠᠰᠢᠷᠠᠬᠤ᠂ ᠪᠤᠭ ᠤᠨ ᠳᠠᠪᠬᠤᠷᠭ᠎ᠠ ᠨᠢᠮᠭᠡᠷᠡᠬᠦ ᠣᠨᠴᠣᠭᠤᠢ | ᠦᠶ᠎ᠡ ᠳᠤ ᠰᠠᠶ᠋ᠢ ᠡᠶᠢᠮᠦᠷᠬᠦ ᠠᠷᠭ᠎ᠠ ᠶᠢ ᠠᠪᠳᠠᠭ ᠶᠤᠮ᠃ ᠴᠠᠰᠤ ᠵᠤᠳ ᠶᠡᠬᠡᠳᠡᠭᠰᠡᠨ᠂ ᠪᠡᠯᠴᠢᠭᠡᠷ ᠭᠠᠩᠳᠠᠵᠤ | ᠬᠤᠪᠠᠭ᠋ᠠᠶᠢᠷᠠᠭᠰᠠᠨ ᠵᠢᠯ ᠳᠤ ᠠᠯᠤᠰ ᠤᠨ ᠣᠲᠣᠷ ᠬᠥᠭᠡᠭᠡᠬᠦ ᠶᠢ ᠡᠷᠬᠢᠮᠯᠡᠳᠡᠭ᠃ ᠡᠭᠦᠨ ᠢ ᠠᠶᠢᠯ ᠠᠶᠢᠮᠠᠭ᠂ ᠦᠨᠳᠦᠰᠦᠨ | ᠳᠣᠭᠤᠴᠠᠭᠠ ᠶᠢᠨ ᠨᠢᠭᠡᠴᠡ ᠪᠠᠷ ᠵᠣᠬᠢᠶᠠᠨ ᠪᠠᠶᠢᠭᠤᠯᠤᠨ ᠬᠢᠳᠡᠭ᠃ ᠡᠨᠡ ᠨᠢ ᠥᠪᠡᠷ ᠤᠨ ᠨᠤᠲᠤᠭ ᠪᠡᠯᠴᠢᠭᠡᠷ ᠢᠶᠠᠨ | ᠲᠠᠯᠪᠢᠵᠤ ᠬᠤᠷᠯᠠᠭᠤᠯᠬᠤ᠂ ᠴᠠᠭᠠᠨ ᠵᠤᠳ ᠠᠴᠠ ᠮᠠᠯ ᠰᠦᠷᠦᠭ ᠢᠶᠠᠨ ᠠᠶᠤᠯ ᠠᠴᠠ ᠵᠠᠶᠢᠯᠠᠭᠤᠯᠬᠤ ᠪᠠᠷ ᠵᠣᠷᠢᠭᠤᠯᠤᠯᠲᠠ | ᠪᠣᠯᠭᠠᠳᠠᠭ᠃ ᠪᠡᠯᠴᠢᠭᠡᠷ ᠨᠤᠲᠤᠭ ᠨᠢ ᠭᠠᠩᠳᠠᠭᠰᠠᠨ ᠦᠶ᠎ᠡ ᠳᠤ ᠳᠡᠳᠡ᠂ ᠲᠤᠰ ᠨᠤᠲᠤᠭ ᠳᠡᠭᠡᠷ᠎ᠡ ᠪᠠᠨ ᠲᠡᠰᠪᠦᠷᠢᠯᠡᠨ | ᠠᠷᠭᠠᠴᠠᠬᠤ ᠠᠷᠭ᠎ᠠ ᠠᠪᠳᠠᠭ ᠦᠭᠡᠢ ᠮᠥᠷᠲᠡᠭᠡᠨ ᠳᠠᠷᠤᠢ ᠲᠦᠷᠭᠡᠨ ᠨᠡᠭᠦᠬᠦ ᠳᠤᠷᠠᠳᠤᠯᠭ᠎ᠠ ᠭᠠᠷᠭᠠᠨ᠂ ᠪᠡᠯᠴᠢᠭᠡᠷ ᠤᠨ | ᠬᠥᠷᠥᠰᠥ ᠡᠪᠳᠡᠭᠳᠡᠨ ᠲᠠᠵᠢᠷᠰᠢᠬᠤ ᠶᠢ ᠰᠡᠷᠭᠡᠶᠢᠯᠡᠨ ᠠᠯᠤᠰ ᠤᠨ ᠣᠲᠣᠷ ᠶᠠᠪᠤᠵᠤ᠂ 1 - 3 ᠵᠢᠯ ᠪᠡᠯᠴᠢᠭᠡᠷ ᠢᠶᠠᠨ | ᠲᠠᠯᠪᠢᠵᠤ ᠬᠤᠷᠯᠠᠭᠤᠯᠳᠠᠭ᠃ ᠳᠡᠭᠡᠷ᠎ᠡ ᠵᠠᠭᠤᠨ ᠤ ᠵᠢᠷᠠᠭᠠᠳ ᠣᠨ ᠪᠠ ᠲᠠᠯᠠᠭᠠᠳ ᠣᠨ ᠳᠤ᠂ ᠤᠤᠯ ᠤᠨ ᠠᠯᠳᠠᠬᠢᠯᠢ | ᠨᠢᠭᠡᠳᠦᠯ ᠠᠴᠠ ᠵᠣᠬᠢᠶᠠᠨ ᠪᠠᠶᠢᠭᠤᠯᠤᠭᠰᠠᠨ ᠬᠦᠷᠢᠶᠡᠲᠦᠨᠠᠭᠤᠷ ᠲᠤ ᠶᠠᠪᠤᠭᠰᠠᠨ ᠠᠯᠤᠰ ᠤᠨ ᠣᠲᠣᠷ᠂ | ᠮᠠᠨᠳᠤᠬᠤᠪᠤᠯᠠᠭ ᠲᠤ ᠶᠠᠪᠤᠭᠰᠠᠨ ᠠᠯᠤᠰ ᠤᠨ ᠣᠲᠣᠷ᠂ ᠪᠠᠶᠠᠨᠬᠦᠭᠡᠪᠦᠷ ᠲᠤ ᠶᠠᠪᠤᠭᠰᠠᠨ ᠠᠯᠤᠰ ᠤᠨ ᠣᠲᠣᠷ ᠵᠡᠷᠭᠡ | ᠦᠢᠯᠡ ᠶᠠᠪᠤᠳᠠᠯ ᠡᠨᠡ ᠪᠦᠬᠦᠨ ᠢ ᠵᠢᠱᠢᠶ᠎ᠡ ᠪᠣᠯᠣᠨ ᠭᠡᠷᠡᠴᠢᠯᠡᠵᠦ ᠪᠤᠢ᠃ ᠡᠨᠡ ᠨᠢ ᠪᠦᠬᠦ ᠪᠡᠯᠴᠢᠭᠡᠷ ᠢᠶᠠᠨ ᠨᠡᠶᠢᠳᠡᠮ | ᠳᠤᠨᠢ ᠬᠤᠷᠯᠠᠭᠤᠯᠬᠤ ᠰᠠᠶᠢᠨ ᠲᠤᠬᠢᠶᠠᠯ ᠪᠤᠯᠳᠠᠭ᠂ ᠪᠡᠯᠴᠢᠭᠡᠷ ᠢ ᠬᠤᠷᠯᠠᠭᠤᠯᠵᠤ ᠠᠰᠢᠭᠯᠠᠬᠤ ᠨᠢ ᠡᠪᠡᠰᠦᠨ ᠤ | ᠤᠷᠭᠤᠴᠠ ᠪᠠ ᠪᠦᠷᠬᠦᠴᠡ ᠳᠤ ᠲᠤᠩ ᠠᠰᠢᠭᠲᠠᠢ ᠪᠠᠶᠢᠳᠠᠭ᠃ | ⒋ ᠪᠡᠯᠴᠢᠭᠡᠷ ᠢ ᠰᠢᠮᠡᠵᠢᠭᠦᠯᠦᠨ ᠨᠡᠭᠡᠭᠡᠵᠦ ᠠᠰᠢᠭᠯᠠᠬᠤ᠃ ᠦᠵᠦᠮᠦᠴᠢᠨ ᠨᠤᠲᠤᠭ ᠥᠷᠭᠡᠨ ᠠᠭᠤᠳᠠᠮ ᠪᠣᠯᠬᠤᠷ | ᠮᠠᠯ ᠬᠠᠷ᠎ᠠ ᠳᠡᠮᠡᠢ ᠣᠴᠢᠳᠠᠭ ᠦᠭᠡᠢ ᠴᠦᠯ ᠵᠡᠯᠢᠭᠦᠳ ᠭᠠᠵᠠᠷ ᠪᠠᠶᠢᠭᠰᠠᠨ ᠶᠤᠮ᠂ ᠡᠶᠢᠮᠦᠷᠬᠦ ᠪᠡᠯᠴᠢᠭᠡᠷ ᠨᠢ | ᠣᠯᠠᠩᠬᠢ ᠳᠠᠭᠠᠨ ᠭᠤᠣᠯ ᠵᠠᠳᠠᠭᠠᠢ ᠠᠴᠠ ᠬᠤᠯᠠ ᠮᠠᠯ ᠪᠡᠯᠴᠢᠭᠡᠷ ᠢᠶᠠᠷ ᠬᠦᠷᠴᠦ ᠳᠡᠶᠢᠯᠬᠦ ᠦᠭᠡᠢ ᠰᠢᠯᠢ ᠭᠠᠵᠠᠷ | ᠪᠠᠶᠢᠳᠠᠭ᠃ ᠡᠰᠡᠪᠡᠯ ᠤᠤᠯ ᠨᠢ ᠪᠡᠯᠴᠢᠭᠡᠷᠯᠡᠨ ᠬᠡᠷᠡᠭᠯᠡᠵᠦ ᠪᠠᠶᠢᠭᠠᠳ ᠶᠠᠮᠠᠷ ᠨᠢᠭᠡᠨ ᠣᠨᠴᠣᠭᠤᠢ ᠰᠢᠯᠲᠠᠭᠠᠨ ᠠᠴᠠ | ᠪᠣᠯᠵᠤ ᠬᠠᠶᠠᠭᠳᠠᠭᠠᠳ ᠣᠨ ᠤᠳᠠᠭᠰᠠᠨ ᠪᠡᠯᠴᠢᠭᠡᠷ ᠢ ᠳᠠᠬᠢᠨ ᠠᠰᠢᠭᠯᠠᠬᠤ ᠶᠠᠪᠤᠳᠠᠯ ᠦᠷᠭᠦᠯᠵᠢ ᠭᠠᠷᠳᠠᠭ᠃ ᠡᠶᠢᠮᠦᠷᠬᠦ | ᠰᠢᠯᠢ ᠴᠦᠯ ᠤᠨ ᠪᠡᠯᠴᠢᠭᠡᠷ ᠤᠨ ᠡᠪᠡᠰᠦᠨ ᠤ ᠴᠢᠨᠠᠷ ᠠᠨᠠᠢ᠂ ᠡᠪᠡᠰᠦᠨ ᠤ ᠲᠦᠷᠦᠯ ᠵᠦᠢᠯ ᠨᠢ ᠴᠥᠭᠡᠨ᠂ ᠥᠯ | ᠰᠢᠮ᠎ᠡ ᠪᠠᠷ ᠳᠤᠲᠠᠮᠠᠭ ᠥᠯᠥᠩ ᠭᠤᠣᠯᠳᠠᠭᠤ ᠪᠠᠶᠢᠳᠠᠭ᠃ ᠡᠨᠡ ᠨᠢ ᠮᠠᠯ ᠳᠤ ᠳᠡᠮᠡᠢ ᠲᠡᠵᠢᠭᠡᠯ ᠪᠤᠯᠳᠠᠭ ᠦᠭᠡᠢ ᠤᠴᠢᠷ | ᠦᠵᠡᠬᠦ ᠳᠤ ᠥᠳᠬᠡᠨ ᠰᠠᠶᠢᠬᠠᠨ ᠪᠡᠯᠴᠢᠭᠡᠷ ᠪᠤᠯᠪᠠᠴᠤ ᠮᠠᠯ ᠰᠦᠷᠦᠭ ᠤᠨ ᠡᠴᠡᠵᠦ ᠲᠤᠷᠠᠬᠤ ᠴᠢᠨᠠᠭᠰᠢᠯᠠᠪᠠᠯ ᠦᠬᠦᠵᠦ | ᠰᠦᠢᠳᠬᠦ ᠶᠠᠪᠤᠳᠠᠯ ᠦᠷᠭᠦᠯᠵᠢ ᠭᠠᠷᠳᠠᠭ᠃ ᠡᠶᠢᠮᠦᠷᠬᠦ ᠪᠡᠯᠴᠢᠭᠡᠷ ᠢ ᠰᠢᠮᠡᠵᠢᠭᠦᠯᠬᠦ ᠳᠤ ᠴᠠᠰᠤ ᠲᠣᠭᠲᠠᠭᠰᠠᠨ ᠤ ᠲᠠᠷᠠᠭ᠎ᠠ | ᠠᠳᠤᠭᠤᠨ ᠰᠦᠷᠦᠭ ᠤᠨ ᠣᠲᠣᠷ ᠶᠠᠪᠤᠵᠤ ᠠᠰᠢᠭᠯᠠᠬᠤ᠂ ᠲᠡᠮᠡᠭᠡᠨ ᠰᠦᠷᠦᠭ ᠢᠶᠠᠷ ᠴᠦᠯ ᠭᠤᠪᠢ ᠶᠢᠨ ᠪᠡᠯᠴᠢᠭᠡᠷ ᠢ | ᠠᠰᠢᠭᠯᠠᠬᠤ᠂ ᠭᠠᠵᠠᠷ ᠤᠨ ᠳᠣᠣᠷᠠᠬᠢ ᠤᠰᠤᠨ ᠤ ᠲᠦᠪᠰᠢᠨ ᠳᠡᠭᠡᠷ᠎ᠡ ᠵᠡᠷᠭᠡ ᠣᠨᠴᠠᠯᠢᠭ ᠲᠤ ᠵᠣᠬᠢᠴᠠᠭᠤᠯᠤᠨ | ᠬᠤᠳᠳᠤᠭ ᠱᠠᠩᠳᠠ ᠮᠠᠯᠲᠠᠵᠤ᠂ ᠵᠤᠨ ᠨᠠᠮᠤᠷ ᠤᠨ ᠴᠠᠭ ᠬᠤᠨᠢ ᠦᠬᠡᠷ ᠤᠨ ᠣᠲᠣᠷ ᠢᠶᠠᠷ ᠠᠰᠢᠭᠯᠠᠬᠤ ᠮᠡᠲᠦ ᠪᠠᠷ | ᠬᠡᠭᠡᠷ᠎ᠡ ᠴᠦᠯ ᠤᠨ ᠪᠡᠯᠴᠢᠭᠡᠷ ᠢ ᠰᠢᠮᠡᠵᠢᠭᠦᠯᠦᠨ ᠠᠰᠢᠭᠯᠠᠭᠰᠠᠭᠠᠷ ᠢᠷᠡᠵᠡᠢ᠃ | ᠪᠡᠯᠴᠢᠭᠡᠷ ᠢ ᠰᠢᠮᠡᠵᠢᠭᠦᠯᠬᠦ ᠳᠤ᠂ ᠵᠤᠨ ᠤ ᠲᠦᠷᠦᠭᠦᠴᠢ᠂ ᠨᠣᠭᠤᠭ᠎ᠠ ᠶᠢᠨ ᠤᠷᠭᠤᠯᠲᠠ ᠶᠢᠨ ᠡᠬᠢᠨ ᠤ ᠴᠠᠭ ᠲᠤ᠂ | ᠮᠠᠯ ᠰᠦᠷᠦᠭ ᠢᠶᠠᠷ ᠪᠡᠯᠴᠢᠭᠡᠷ ᠤᠨ ᠠᠯᠢ ᠤᠷᠭᠤᠴᠠ ᠥᠨᠳᠥᠷ ᠢ ᠰᠢᠯᠢᠵᠦ ᠲᠠᠯᠪᠢᠨ ᠨᠡᠶᠢᠳᠡᠮ ᠢᠳᠡᠰᠢᠯᠡᠭᠦᠯᠳᠡᠭ᠂ | ᠲᠠᠪᠢᠭᠠᠯ ᠠᠯᠤᠰ ᠤᠨ ᠪᠡᠯᠴᠢᠭᠡᠷ ᠢ ᠠᠳᠤᠭᠤ ᠪᠤᠶᠤ ᠬᠥᠩᠭᠡᠨ ᠣᠲᠣᠷ ᠢᠶᠠᠷ ᠨᠣᠭᠤᠭᠠᠨ ᠤ ᠡᠬᠢᠨ ᠤ ᠦᠶ᠎ᠡ ᠪᠤᠶᠤ | ᠨᠠᠮᠤᠷ ᠤᠨ ᠲᠠᠷᠭᠤ ᠠᠪᠤᠭᠤᠯᠬᠤ ᠦᠶ᠎ᠡ ᠳᠤ ᠪᠦᠷ ᠮᠠᠯ ᠶᠠᠪᠤᠭᠤᠯᠵᠤ᠂ ᠡᠪᠡᠰᠦ ᠪᠡᠯᠴᠢᠭᠡᠷ ᠢᠶᠠᠨ ︽ᠬᠤᠭᠤᠯᠠ ᠲᠠᠢ | ᠪᠣᠯᠭᠠᠳᠠᠭ︾᠃ ᠡᠭᠦᠨ ᠢ ︽ᠭᠢᠰᠬᠢᠯ ᠪᠤᠯᠭᠠᠬᠤ︾᠂ ︽ᠪᠡᠯᠴᠢᠭᠡᠷ ᠴᠢᠭᠢᠷᠯᠡᠬᠦ︾ ᠭᠡᠳᠡᠭ᠃ ᠨᠣᠭᠤᠭᠠᠨ ᠤ ᠡᠬᠢᠨ ᠤ ᠦᠶ᠎ᠡ ᠳᠤ | ᠢᠩᠭᠢᠵᠦ ᠲᠠᠯᠪᠢᠵᠤ ᠢᠳᠡᠰᠢᠯᠡᠭᠦᠯᠬᠦ ᠨᠢ ︽ᠤᠷᠭᠤᠴᠠ ᠶᠢ ᠰᠠᠶᠢᠵᠢᠷᠠᠭᠤᠯᠤᠨ᠂ ᠪᠡᠯᠴᠢᠭᠡᠷ ᠢᠶᠠᠨ ᠰᠢᠮᠡᠵᠢᠭᠦᠯᠵᠦ︾ | ᠪᠠᠶᠢᠭ᠎ᠠ ᠤᠴᠢᠷ ᠭᠡᠳᠡᠭ᠃ ᠠᠲᠠᠷ ᠰᠢᠯᠢ ᠶᠢᠨ ᠮᠠᠯ ᠴᠢᠭᠢᠷᠯᠡᠭᠰᠡᠨ ᠦᠭᠡᠢ ᠪᠡᠯᠴᠢᠭᠡᠷ ᠲᠤ ᠰᠦᠷᠦᠭ ᠲᠣᠭᠲᠠᠪᠤᠷᠢᠲᠠᠢ | ᠢᠳᠡᠰᠢᠯᠡᠬᠦ ᠦᠭᠡᠢ ᠶᠡᠭᠡ ᠭᠦᠶᠦᠳᠡᠭ᠃ ᠦᠵᠦᠮᠦᠴᠢᠨ ᠤ ᠵᠦᠢᠷ ᠰᠡᠴᠡᠨ ᠦᠭᠡᠨ ᠳᠤ ︽ᠡᠪᠡᠰᠦᠨ ᠤ ᠮᠠᠭᠤ ᠥᠯᠥᠩ᠂ | ᠡᠪᠡᠳᠴᠢᠨ ᠤ ᠮᠠᠭᠤ ᠬᠢᠵᠢᠭ︾ ᠭᠡᠵᠦ ᠪᠠᠶᠢᠳᠠᠭ᠃ ᠨᠠᠰᠤᠲᠠᠶᠢᠴᠤᠳ ᠤᠨ ᠶᠠᠷᠢᠬᠤ ᠪᠠᠷ ᠡᠨᠡ ᠪᠣᠯ ᠡᠪᠡᠰᠦ ᠤᠷᠭᠤᠮᠠᠯ | ᠨᠢ ᠰᠢᠮ᠎ᠡ ᠮᠠᠭᠤᠲᠠᠢ ᠪᠠᠶᠢᠬᠤ ᠶᠢᠨ ᠢᠯᠡᠷᠡᠯ᠂ ᠨᠣᠭᠤᠭᠠᠨ ᠤ ᠡᠬᠢᠨ ᠤ ᠦᠶ᠎ᠡ ᠮᠠᠯ ᠤᠨ ᠭᠢᠰᠬᠢᠯ ᠪᠤᠯᠭᠠᠵᠦ᠂ ᠵᠤᠨ | ᠨᠠᠮᠤᠷ ᠲᠠᠭᠠᠨ ᠮᠠᠯ ᠢᠶᠠᠷ ᠴᠢᠭᠢᠷᠯᠡᠭᠦᠯᠬᠦ ᠬᠡᠷᠡᠭᠲᠡᠢ ᠭᠡᠵᠦ ᠦᠵᠡᠳᠡᠭ᠃ ︽ᠪᠡᠯᠴᠢᠭᠡᠷ ᠴᠢᠭᠢᠷᠯᠡᠬᠦ︾ ᠭᠡᠳᠡᠭ ᠨᠢ ᠮᠡᠯ | ᠠᠮᠢᠳᠠᠨ ᠤ ᠬᠥᠯ ᠢᠶᠠᠷ ᠡᠯ᠎ᠡ ᠤᠷᠭᠤᠮᠠᠯ ᠤᠨ ᠲᠣᠭᠤᠰᠣ ᠶᠢᠨ ᠰᠣᠯᠢᠭᠳᠠᠯ ᠢ ᠪᠡᠶᠡᠯᠡᠭᠦᠯᠵᠦ᠂ ᠮᠠᠯ ᠤᠨ ᠢᠯᠭᠠᠳᠠᠰᠤ᠂ | ᠲᠤᠭᠤᠷᠠᠢ ᠶᠢᠨ ᠭᠢᠰᠬᠢᠯ ᠢᠶᠠᠷ ᠳᠠᠮᠵᠢᠭᠤᠯᠤᠨ᠂ ᠬᠥᠷᠥᠰᠥ ᠰᠢᠷᠣᠢ ᠶᠢ ᠰᠤᠯᠠᠷᠠᠭᠤᠯᠤᠨ᠂ ᠤᠷᠭᠤᠮᠠᠯ ᠤᠨ ᠲᠦᠷᠦᠯ | ᠵᠦᠢᠯ ᠳᠤ ᠪᠣᠷᠳᠣᠭᠤᠷ ᠬᠦᠷᠭᠡᠬᠦ ᠵᠢᠴᠢ ᠡᠪᠡᠰᠦᠨ ᠤ ᠦᠷ᠎ᠡ ᠪᠤᠶᠤ ᠵᠢᠮᠢᠰ ᠬᠠᠯᠢᠰᠤ ᠶᠢ ᠰᠢᠷᠣᠢ ᠳᠤᠨᠢ ᠣᠷᠣᠭᠤᠯᠤᠨ | ᠰᠢᠮᠡᠵᠢᠭᠦᠯᠦᠨ ᠲᠡᠵᠢᠭᠡᠯ ᠪᠤᠯᠭᠠᠬᠤ ᠵᠡᠷᠭᠡ ᠦᠢᠯᠡᠳᠦᠯ ᠢ ᠦᠵᠡᠭᠦᠯᠵᠦ᠂ ᠪᠡᠯᠴᠢᠭᠡᠷ ᠤᠨ ᠤᠷᠭᠤᠯᠲᠠ ᠪᠠ | ᠰᠢᠮᠡᠵᠢᠭᠦᠯᠦᠯᠳᠡ ᠶᠢ ᠠᠬᠢᠭᠤᠯᠳᠠᠭ ᠪᠠᠶᠢᠨ᠎ᠠ᠃ ᠢᠩᠭᠢᠵᠦ ᠪᠡᠯᠴᠢᠭᠡᠷ ᠢᠶᠠᠨ ᠰᠢᠮᠡᠵᠢᠭᠦᠯᠬᠦ ᠦᠭᠡᠢ ᠪᠣᠯ ᠴᠢᠨᠠᠷ ᠰᠠᠶᠢᠲᠠᠢ | ᠰᠢᠮ᠎ᠡ ᠲᠡᠵᠢᠭᠡᠯ ᠭᠦᠢᠴᠡᠳ ᠪᠡᠯᠴᠢᠭᠡᠷ ᠪᠣᠯᠵᠤ ᠴᠢᠳᠠᠬᠤ ᠦᠭᠡᠢ ᠪᠥᠭᠡᠳ ᠮᠠᠯ ᠳᠤ ᠲᠡᠵᠢᠭᠡᠯ ᠪᠣᠯᠵᠤ ᠳᠡᠶᠢᠯᠳᠡᠭ | ᠦᠭᠡᠢ ᠪᠠᠶᠢᠵᠤ᠂ ︽ᠥᠯᠥᠩ ᠡᠪᠡᠰᠦ︾ ᠲᠡᠳᠦᠢ ᠪᠤᠯᠳᠠᠭ᠃ ᠥᠯᠥᠩ ᠨᠢ ᠬᠡᠳᠦᠶᠢᠪᠡᠷ ᠡᠪᠡᠰᠦᠨ ᠤ ᠨᠡᠷ᠎ᠡ ᠪᠤᠯᠪᠠᠴᠤ | ᠰᠢᠮ᠎ᠡ ᠰᠥᠯ ᠢᠶᠠᠷ ᠬᠠᠮᠤᠭ ᠠᠨᠠᠢ ᠤᠷᠭᠤᠮᠠᠯ ᠪᠣᠯᠬᠤᠷ ᠮᠠᠯᠴᠢᠳ ᠡᠪᠡᠰᠦᠨ ᠤ ᠰᠢᠮ᠎ᠡ ᠶᠢ ᠥᠯᠥᠩ ᠭᠡᠵᠦ ᠬᠡᠯᠡᠯᠴᠡᠬᠦ | ᠪᠣᠯᠵᠤ ᠲᠡᠷᠡ ᠨᠢ ᠰᠢᠮ᠎ᠡ ᠰᠥᠯ ᠦᠭᠡᠢ ᠭᠡᠰᠡᠨ ᠤᠳᠬ᠎ᠠ ᠲᠠᠢ ᠪᠣᠯᠤᠭᠰᠠᠨ ᠪᠠᠶᠢᠨ᠎ᠠ᠃ ᠠᠭᠯᠠᠭ ᠰᠢᠨ᠎ᠡ ᠪᠡᠯᠴᠢᠭᠡᠷ ᠨᠢ | ᠨᠠᠩ ᠢᠯᠠᠩᠭᠤᠶ᠎ᠠ ᠬᠦᠢᠲᠡᠨ ᠤᠯᠠᠷᠢᠯ ᠳᠤ ᠮᠠᠯ ᠮᠠᠯᠵᠢᠬᠤ ᠳᠤ ᠠᠨᠠᠢ ᠪᠠᠶᠢᠳᠠᠭ ᠢᠶᠠᠷ ᠦᠯᠦ ᠪᠠᠷᠠᠮ ᠡᠴᠡᠵᠦ ᠲᠤᠷᠠᠬᠤ | ᠨᠢ ᠲᠦᠷᠭᠡᠨ ᠲᠠᠷᠭᠤ ᠪᠠᠨ ᠬᠠᠳᠠᠭᠠᠯᠠᠵᠤ ᠳᠡᠶᠢᠯᠬᠦ ᠦᠭᠡᠢ ᠪᠠᠶᠢᠳᠠᠭ᠃ ᠡᠶᠢᠮᠦ ᠪᠠᠷ ᠮᠠᠯᠴᠢᠳ ︽ᠪᠡᠯᠴᠢᠭᠡᠷ ᠰᠠᠶᠢᠲᠠᠢ | ᠮᠠᠯ ᠪᠠᠷᠳᠠᠮ᠂ ᠮᠠᠯ ᠰᠠᠶᠢᠲᠠᠢ ᠪᠡᠯᠴᠢᠭᠡᠷ ᠰᠣᠷᠭᠤᠭ ᠥᠯ ᠲᠠᠢ︾ ᠭᠡᠬᠦ ᠤᠬᠠᠭᠠᠨ ᠤᠴᠢᠷ ᠢ ᠲᠠᠨᠢᠵᠤ ᠮᠡᠳᠡᠭᠰᠡᠨ ᠢᠶᠠᠷ | ᠪᠠᠷᠠᠬᠤ ᠦᠭᠡᠢ᠂ ᠪᠡᠯᠴᠢᠭᠡᠷ ᠢ ︽ᠥᠯ ᠲᠠᠢ ᠭᠡᠬᠦ ᠪᠤᠶᠤ ᠥᠯᠥᠩ︾ ᠭᠡᠳᠡᠭ ᠨᠢ ᠪᠡᠯᠴᠢᠭᠡᠷ ᠤᠨ ᠰᠢᠮ᠎ᠡ ᠰᠠᠶᠢᠲᠠᠢ | ᠡᠰᠡᠬᠦ ᠶᠢ ᠬᠡᠮᠵᠢᠶᠡᠯᠡᠨ ᠶᠠᠷᠢᠯᠴᠠᠳᠠᠭ ᠨᠢ ᠡᠨᠡ ᠤᠴᠢᠷ ᠪᠤᠯᠠᠢ᠃ ᠠᠳᠤᠭᠤᠨ ᠰᠦᠷᠦᠭ ᠠᠯᠤᠰ ᠤᠨ ᠪᠡᠯᠴᠢᠭᠡᠷ ᠲᠤ | ᠶᠠᠪᠤᠳᠠᠭ ᠢᠶᠠᠷ ᠠᠳᠤᠭᠤ ᠪᠣᠯ ᠰᠢᠯᠢ ᠶᠢᠨ ᠪᠡᠯᠴᠢᠭᠡᠷ ᠢ ᠰᠢᠮᠡᠵᠢᠭᠦᠯᠬᠦ ᠡᠪᠡᠰᠦᠨ ᠦᠷ᠎ᠡ ᠶᠢ ᠰᠠᠭᠤᠯᠭᠠᠬᠤ ᠴᠢᠳᠠᠮᠠᠭᠠᠢ | ᠦᠢᠯᠡᠳᠦᠯ ᠢ ᠦᠵᠡᠭᠦᠯᠵᠦ᠂ ᠬᠡᠭᠡᠷ᠎ᠡ ᠶᠢᠨ ᠵᠡᠷᠯᠢᠭ ᠠᠮᠢᠳᠠᠨ ᠤ ᠰᠦᠷᠦᠭ ᠤᠳ ᠴᠤ ᠡᠨᠡ ᠡᠭᠦᠷᠭᠡ ᠶᠢ ᠪᠡᠶᠡᠯᠡᠭᠦᠯᠵᠦ | ᠪᠠᠶᠢᠳᠠᠭ᠃ | ᠲᠠᠪᠤᠨ ᠬᠤᠰᠢᠭᠤ ᠮᠠᠯ ᠤᠨ ᠪᠡᠯᠴᠢᠭᠡᠷ ᠤᠨ ᠠᠮᠢ ᠠᠬᠤᠢ ᠳᠤ ᠦᠵᠡᠭᠦᠯᠬᠦ ᠦᠢᠯᠡᠳᠦᠯ ᠪᠣᠯ ᠣᠮᠲᠣᠭᠠᠶᠢᠯᠠᠵᠤ | ᠪᠣᠯᠣᠰᠢ ᠦᠭᠡᠢ ᠶᠤᠮ᠃ ᠮᠠᠯ ᠤᠨ ᠲᠤᠭᠤᠷᠠᠢ ᠨᠢ ︽ᠪᠡᠯᠴᠢᠭᠡᠷ ᠰᠢᠮᠡᠵᠢᠭᠦᠯᠬᠦ ᠳᠠᠮᠵᠢᠭᠤᠯᠤᠭᠴᠢ︾ ᠶᠢᠨ ᠴᠢᠳᠠᠪᠬᠢ ᠲᠠᠢ | ᠪᠠᠶᠢᠵᠤ᠂ ᠡᠪᠡᠰᠦᠨ ᠤ ᠦᠷ᠎ᠡ ᠰᠠᠭᠤᠯᠭᠠᠬᠤ᠂ ᠬᠤᠵᠢᠷ ᠳᠠᠪᠤᠰᠤ ᠨᠠᠭᠠᠯᠳᠤᠭᠰᠠᠨ ᠲᠤᠭᠤᠷᠠᠢ ᠪᠠᠷ ᠰᠢᠯᠢ ᠶᠢᠨ | ᠨᠣᠭᠤᠭᠠᠨ ᠳᠤ ᠰᠢᠮ᠎ᠡ ᠬᠦᠷᠭᠡᠬᠦ᠂ ᠰᠢᠯᠢ ᠶᠢᠨ ᠡᠪᠡᠰᠦᠨ ᠤ ᠰᠢᠮ᠎ᠡ ᠨᠢ ᠪᠤᠴᠠᠨ ᠭᠤᠪᠢ ᠴᠠᠶᠢᠳᠠᠮ ᠤᠨ ᠪᠡᠯᠴᠢᠭᠡᠷ ᠲᠤ | ᠲᠡᠵᠢᠭᠡᠯ ᠪᠤᠯᠭᠠᠬᠤ ᠡᠭᠦᠷᠭᠡ ᠶᠢ ᠴᠢᠳᠠᠮᠠᠭᠠᠢ ᠪᠠᠷ ᠪᠡᠶᠡᠯᠡᠭᠦᠯᠳᠡᠭ᠂ ᠢᠩᠭᠢᠬᠦ ᠨᠢ ᠪᠠᠰᠠ ᠡᠪᠡᠰᠦᠨ ᠤ ᠤᠷᠭᠤᠮᠠᠯ ᠤᠨ | ᠲᠦᠷᠦᠯ ᠵᠦᠢᠯ ᠢ ᠣᠯᠠᠰᠢᠷᠠᠭᠤᠯᠳᠠᠭ ᠪᠥᠭᠡᠳ ᠲᠠᠩ ᠭᠠᠭᠴᠠ ᠤᠷᠭᠤᠮᠠᠯ ᠭᠠᠷᠬᠤ ᠶᠢ ᠰᠡᠷᠭᠡᠶᠢᠯᠡᠵᠦ ᠴᠢᠳᠠᠨ᠎ᠠ᠂ | ᠮᠠᠯ ᠤᠨ ᠪᠠᠭᠠᠰᠤ ᠰᠢᠭᠡᠰᠦᠨ ᠤ ᠢᠯᠭᠠᠳᠠᠰᠤ ᠨᠢ ᠪᠡᠯᠴᠢᠭᠡᠷ ᠰᠢᠮᠡᠵᠢᠭᠦᠯᠬᠦ ᠶᠢᠨ ᠣᠮᠲᠣᠭᠠᠶᠢᠯᠠᠵᠤ ᠪᠣᠯᠣᠰᠢ ᠦᠭᠡᠢ | ᠪᠣᠷᠳᠣᠭᠤᠷ ᠪᠤᠯᠳᠠᠭ᠃ ᠨᠡᠩ ᠢᠯᠠᠩᠭᠤᠶ᠎ᠠ ᠮᠠᠯ ᠤᠨ ᠥᠳᠬᠡᠨ ᠢᠯᠭᠠᠳᠠᠰᠤᠨ ᠳᠤ ᠶᠡᠭᠡ ᠬᠡᠮᠵᠢᠶᠡᠨ ᠤ ᠡᠪᠡᠰᠦᠨ ᠦᠷ᠎ᠡ | ᠪᠠᠶᠢᠵᠤ᠂ ᠪᠠᠭᠠᠰᠤᠨ ᠤ ᠲᠠᠷᠠᠭ᠎ᠠ ᠬᠥᠷᠥᠰᠥᠨ ᠤ ᠳᠣᠣᠷ᠎ᠠ ᠣᠷᠣᠪᠠᠯ ᠤᠷᠭᠤᠨ ᠰᠣᠶᠣᠭᠠᠯᠠᠨ᠎ᠠ ᠭᠡᠵᠦ ᠨᠠᠰᠤᠲᠠᠶᠢᠴᠤᠳ | ᠬᠡᠯᠡᠳᠡᠭ᠃ ᠡᠭᠦᠨ ᠢ ᠮᠠᠯ ᠢ ᠬᠦᠷᠢᠶᠡᠯᠡᠨ ᠮᠠᠯᠵᠢᠭᠰᠠᠨ ᠣᠶᠢᠷ᠎ᠠ ᠶᠢᠨ ᠬᠤᠭᠤᠴᠠᠭᠠᠨ ᠤ ᠪᠡᠯᠴᠢᠭᠡᠷ ᠤᠨ ᠡᠪᠡᠰᠦᠨ ᠤ | ᠤᠷᠭᠤᠮᠠᠯ ᠤᠨ ᠲᠦᠷᠦᠯ ᠵᠦᠢᠯ ᠤᠨ ᠪᠣᠳᠠᠲᠤ ᠪᠠᠶᠢᠳᠠᠯ ᠭᠡᠷᠡᠴᠢᠯᠡᠵᠦ ᠪᠤᠢ᠂ ᠵᠡᠭᠦᠨ ᠦᠵᠦᠮᠦᠴᠢᠨ ᠤ ᠪᠠᠷᠠᠭᠤᠨ | ᠪᠡᠶ᠎ᠡ ᠶᠢᠨ ᠰᠤᠮᠤ ᠭᠠᠴᠠᠭ᠎ᠠ ᠶᠢᠨ ᠨᠤᠲᠤᠭ ᠲᠤ 2007 ᠣᠨ ᠳᠤ ᠣᠷᠣᠢ ᠲᠣᠯᠣᠭᠠᠢ ᠦᠭᠡᠢ ᠲᠠᠭᠠᠨ᠎ᠠ ᠭᠤᠭᠤᠳ | ᠨᠡᠶᠢᠳᠡᠮ ᠤᠷᠭᠤᠵᠦ᠂ ᠨᠠᠮᠤᠷ ᠪᠤᠯᠬᠤ ᠳᠤ ᠴᠠᠰᠤᠨ ᠮᠡᠲᠦ ᠴᠠᠶᠢᠵᠤ ᠪᠠᠶᠢᠪᠠ᠂ ᠲᠠᠷᠠᠭ᠎ᠠ ᠵᠢᠯ ᠨᠢ ᠲᠠᠩ ᠭᠠᠭᠴᠠ | ᠬᠠᠮᠬᠤᠤᠯ ᠱᠢᠷᠠᠯᠵᠢ ᠤᠷᠭᠤᠭᠠᠳ ᠨᠠᠮᠤᠷ ᠪᠤᠯᠬᠤ ᠳᠤ ᠬᠠᠷ᠎ᠠ ᠪᠠᠷᠠᠭᠠᠨ ᠥᠪᠥᠩ ᠪᠤᠳᠢᠤᠯ ᠪᠥᠭᠡᠮᠨᠡᠷᠡᠨ᠂ ᠪᠡᠯᠴᠢᠭᠡᠷ ᠤᠨ | ᠡᠪᠡᠰᠦᠨ ᠬᠦᠷᠢᠶᠡᠨ ᠳᠤ ᠯᠤᠲᠤ ᠶᠡᠭᠡ ᠭᠠᠢ ᠭᠠᠮᠰᠢᠭ ᠠᠪᠴᠢᠷᠠᠵᠤ ᠂ ᠰᠦᠢᠳᠬᠡᠭᠰᠡᠨ ᠠᠨᠤ ᠴᠥᠭᠡᠨ ᠪᠤᠰᠤ᠃ ᠡᠨᠡ | ᠨᠢ ᠮᠠᠯ ᠤᠨ ᠲᠤᠭᠤᠷᠠᠢ ᠶᠢᠨ ᠤᠷᠭᠤᠮᠠᠯ ᠤᠨ ᠰᠣᠯᠢᠯᠴᠠᠭ᠎ᠠ ᠶᠢ ᠪᠡᠶᠡᠯᠡᠭᠦᠯᠬᠦ ᠶᠠᠪᠤᠳᠠᠯ ᠢ ᠬᠠᠷᠰᠢᠯᠠᠭᠰᠠᠨ ᠳᠤ | ᠪᠠᠶᠢᠬᠤ ᠶᠢ ᠦᠭᠡᠶᠢᠰᠬᠡᠵᠦ ᠪᠤᠯᠬᠤ ᠦᠭᠡᠢ ᠶᠤᠮ᠂ ᠤᠴᠢᠷ ᠨᠢ ᠮᠠᠯ ᠰᠦᠷᠦᠭ ᠢᠶᠠᠨ ᠬᠦᠷᠢᠶᠡᠯᠡᠨ ᠮᠠᠯᠵᠢᠭᠰᠠᠨ ᠠᠴᠠ | ᠶᠠᠪᠤᠬᠤ ᠵᠠᠢ ᠨᠢ ᠬᠢᠵᠠᠭᠠᠷᠯᠠᠭᠳᠠᠵᠤ᠂ ᠭᠤᠪᠢ ᠨᠢ ᠭᠤᠪᠢ ᠳᠠᠭᠠᠨ᠂ ᠲᠠᠯ᠎ᠠ ᠨᠢ ᠲᠠᠯ᠎ᠠ ᠳᠠᠭᠠᠨ ᠪᠡᠯᠴᠢᠭᠡᠷᠯᠡᠬᠦ ︽ᠲᠠᠩ | ᠴᠤᠯᠭᠤᠢ ᠮᠠᠯᠵᠢᠯᠭ᠎ᠠ︾ ᠠᠴᠠ ᠪᠣᠯᠤᠭᠰᠠᠨ ᠪᠠᠶᠢᠳᠠᠭ᠃ ᠲᠠᠪᠤᠨ ᠬᠤᠰᠢᠭᠤ ᠮᠠᠯ ᠨᠢ ᠪᠡᠯᠴᠢᠭᠡᠷ ᠤᠨ ᠤᠷᠭᠤᠮᠠᠯ ᠤᠨ | ᠲᠦᠷᠦᠯ ᠵᠦᠢᠯ ᠢ ᠲᠡᠩᠴᠡᠭᠦᠨ ᠪᠠᠶᠢᠯᠭᠠᠬᠤ ᠪᠠ ᠪᠡᠯᠴᠢᠭᠡᠷ ᠤᠨ ᠰᠢᠨ᠎ᠡ ᠬᠠᠭᠤᠴᠢᠨ ᠤ ᠰᠣᠯᠢᠭᠳᠠᠯ ᠢ ᠪᠡᠶᠡᠯᠡᠭᠦᠯᠳᠡᠭ | ︽ᠠᠮᠢ ᠠᠬᠤᠢ ᠶᠢᠨ ᠬᠥᠳᠡᠯᠭᠡᠭᠴᠢ ᠬᠦᠴᠦᠨ ᠵᠦᠢᠯ︾ ᠭᠡᠳᠡᠭ ᠢ ᠮᠡᠳᠡᠵᠦ ᠪᠣᠯᠣᠨ᠎ᠠ᠃ ᠤᠷᠭᠤᠮᠠᠯ ᠨᠡᠶᠢᠳᠡᠮ ᠲᠥᠯᠵᠢᠬᠦ | ᠵᠤᠨ ᠤ ᠡᠬᠢ ᠪᠠ ᠳᠤᠮᠳᠠᠴᠢ ᠪᠠᠷ ︽ᠭᠢᠰᠬᠢᠯ ᠪᠤᠯᠭᠠᠵᠦ ᠪᠡᠯᠴᠢᠭᠡᠷ ᠴᠢᠭᠢᠷᠯᠡᠬᠦ︾ ᠪᠣᠯᠬᠤᠷ ᠣᠲᠣᠷ ᠨᠡᠭᠦᠳᠡᠯ ᠤᠨ ᠴᠠᠭ | ᠡᠬᠢᠯᠡᠨ ᠮᠠᠯ ᠰᠦᠷᠦᠭ ᠴᠤ ︽ᠤᠰᠤᠨ ᠪᠠᠳᠠᠢ︾ ᠠᠪᠬᠤ ᠨᠢ ᠲᠦᠷᠭᠡᠨ ᠪᠠᠶᠢᠵᠤ᠂ ᠲᠦᠷᠭᠡᠨ ᠲᠡᠩᠬᠡᠷᠡᠳᠡᠭ ᠶᠤᠮ᠃ | ᠵᠤᠨ ᠤ ᠪᠣᠷᠣᠭᠠᠨᠰᠢᠬᠤ ᠦᠶ᠎ᠡ ᠡᠬᠢᠯᠡᠬᠦ ᠳᠤ ᠵᠤᠰᠠᠯᠠᠩ ᠳᠠᠭᠠᠨ ᠪᠠᠭᠤᠴᠢᠬᠠᠳᠠᠭ᠃ ᠵᠤᠨ ᠤ ᠤᠯᠠᠷᠢᠯ ᠤᠨ ᠪᠣᠷᠣᠭᠠᠨ ᠢ | ᠮᠠᠯᠴᠢᠳ ︽ᠢᠨᠵᠠᠭᠠᠨ ᠵᠦᠰᠡ︾ ᠪᠠ ︽ᠮᠦᠭᠦ ᠶᠢᠨ ᠵᠦᠰᠡ︾ ᠭᠡᠵᠦ ᠬᠤᠶᠠᠷ ᠦᠶᠡᠯᠡᠯ ᠤᠨ ᠬᠤᠭᠤᠴᠠᠭ᠎ᠠ ᠪᠠᠷ | ᠢᠯᠭᠠᠳᠠᠭ᠂ ᠡᠨᠡ ᠨᠢ ᠲᠠᠯ᠎ᠠ ᠨᠤᠲᠤᠭ ᠤᠨ ᠪᠡᠯᠴᠢᠭᠡᠷ ᠤᠨ ᠠᠮᠢ ᠠᠬᠤᠢ ᠶᠢᠨ ᠭᠤᠣᠯ ᠤᠷᠭᠤᠯᠲᠠ ᠶᠢᠨ ᠴᠠᠭ᠎ᠠ | ᠬᠤᠭᠤᠴᠠᠭ᠎ᠠ ᠪᠣᠯᠣᠨ᠎ᠠ᠃ ︽ᠢᠨᠵᠠᠭᠠᠨ ᠵᠦᠰᠡ︾ ᠪᠣᠯ ᠵᠤᠨ ᠤ ᠳᠤᠮᠳᠠ ᠰᠠᠷ᠎ᠠ ᠶᠢᠨ ᠦᠶ᠎ᠡ ᠲᠠᠭᠠᠷᠠᠬᠤ ᠲᠤᠯᠠ | ᠨᠠᠮᠤᠬᠠᠨ ᠵᠥᠭᠡᠯᠡᠨ ᠳᠤᠯᠠᠭᠠᠨ ᠪᠣᠷᠣᠭᠠᠨ ᠵᠦᠰᠡᠷᠡᠵᠦ ᠬᠤᠶᠠᠷ ᠭᠤᠷᠪᠠᠨ ᠡᠳᠦᠷ ᠢᠶᠠᠷ ᠣᠷᠣᠵᠤ᠂ ᠴᠢᠬᠢ ᠨᠣᠭᠤᠭᠠᠨ ᠤ | ᠤᠷᠭᠤᠯᠲᠠ ᠶᠢ ᠲᠦᠷᠭᠡᠳᠬᠡᠨ ᠠᠬᠢᠭᠤᠯᠳᠠᠭ᠂ ᠡᠨᠡ ᠦᠶ᠎ᠡ ᠵᠡᠭᠡᠷ᠎ᠡ ᠶᠢᠨ ᠰᠦᠷᠦᠭ ᠴᠤ ᠲᠣᠭᠲᠠᠪᠤᠷᠢᠲᠠᠢ ᠪᠤᠯᠳᠠᠭ | ᠪᠥᠭᠡᠳ ᠶᠠᠭ ᠰᠢᠷᠭᠠᠴᠢᠨ ᠢᠨᠵᠠᠭᠠᠯᠠᠬᠤ ᠦᠶ᠎ᠡ ᠪᠠᠶᠢᠳᠠᠭ ᠠᠴᠠ ︽ᠢᠨᠵᠠᠭᠠᠨ ᠵᠦᠰᠡ︾ ᠭᠡᠵᠡᠢ᠃ ︽ᠮᠦᠭᠦ ᠶᠢᠨ ᠵᠦᠰᠡ︾ | ᠭᠡᠳᠡᠭ ᠪᠣᠯ ᠵᠤᠨ ᠤ ᠰᠡᠭᠦᠯ ᠰᠠᠷ᠎ᠠ ᠶᠢᠨ ᠦᠶ᠎ᠡ ᠳᠠᠬᠢ ᠪᠣᠷᠣᠭᠠᠨ ᠤ ᠬᠤᠭᠤᠴᠠᠭ᠎ᠠ ᠶᠢ ᠬᠡᠯᠡᠳᠡᠭ᠃ ᠡᠨᠡ ᠦᠶ᠎ᠡ | ᠪᠡᠯᠴᠢᠭᠡᠷ ᠶᠢᠨ ᠤᠷᠭᠤᠯᠲᠠ ᠥᠳᠬᠡᠷᠡᠵᠦ᠂ ᠤᠷᠭᠤᠮᠠᠯ ᠠᠮᠢᠳᠤ ᠪᠣᠳᠠᠰ ᠪᠦᠬᠦᠨ ᠰᠡᠷᠭᠦᠵᠦ᠂ ᠠᠮᠢᠯᠠᠨ ᠲᠥᠯᠵᠢᠵᠦ | ᠤᠷᠭᠤᠯᠲᠠ ᠭᠦᠢᠴᠡᠬᠦ ᠰᠡᠭᠦᠯ ᠤᠨ ᠬᠤᠭᠤᠴᠠᠭᠠᠨ ᠳᠤ ᠣᠷᠣᠳᠠᠭ᠂ ᠬᠥᠨᠳᠡᠢ ᠡᠩᠭᠡᠷ ᠭᠠᠵᠠᠷ ᠲᠤ ︽ᠬᠠᠳᠤᠯᠠᠩ | ᠪᠡᠯᠴᠢᠭᠡᠷ︾ ᠭᠠᠷᠴᠤ᠂ ᠬᠠᠯᠢᠭᠤᠷᠠᠨ ᠬᠡᠶᠢᠰᠳᠡᠭ᠂ ︽ᠮᠦᠬᠦ ᠶᠢᠨ ᠵᠦᠰᠡ︾ ᠨᠢ ᠮᠥᠨ ᠵᠥᠭᠡᠯᠡᠨ ᠳᠤᠯᠠᠭᠠᠨ ᠣᠷᠣᠵᠤ᠂ | ᠲᠠᠪᠤ ᠭᠤᠷᠪᠠᠨ ᠡᠳᠦᠷ ᠢᠶᠠᠷ ᠵᠦᠰᠡᠷᠡᠬᠦ ᠪᠣᠯᠬᠤᠷ ᠪᠡᠯᠴᠢᠭᠡᠷ ᠶᠢᠨ ᠠᠮᠢ ᠠᠬᠤᠢ ᠶᠢᠨ ᠤᠷᠭᠤᠯᠲᠠ ᠶᠢᠨ ᠦᠷᠡᠯᠡᠨ | ᠰᠠᠬᠤᠯᠠᠭᠵᠢᠬᠤ ᠶᠢ ᠤᠯᠠᠮ ᠠᠬᠢᠭᠤᠯᠳᠠᠭ ᠶᠢᠨ ᠬᠠᠮᠲᠤ᠂ ᠲᠠᠯ᠎ᠠ ᠶᠢᠨ ︽ᠴᠠᠭᠠᠨ ᠮᠦᠬᠦ︾ ᠪᠠᠭᠤᠴᠠᠯᠠᠨ ᠬᠦᠷᠢᠶᠡᠯᠡᠵᠦ᠂ | ᠨᠣᠭᠤᠭᠠᠨ ᠴᠠᠭᠠᠨ ᠥᠩᠭᠡ ᠪᠠᠷ ᠢᠯᠭᠠᠷᠠᠨ ᠴᠠᠭᠠᠷᠢᠭ ᠳᠠᠳᠠᠨ ᠤᠷᠭᠤᠳᠠᠭ᠃ ᠮᠦᠬᠦ ᠶᠢᠨ ᠬᠦᠷᠢᠶ᠎ᠡ ᠨᠢ ᠶᠠᠭ ᠡᠨᠡ | ᠵᠦᠰᠡ ᠪᠣᠷᠣᠭᠠᠨ ᠳᠤ ᠤᠷᠭᠤᠳᠠᠭ ᠪᠣᠯᠬᠤᠷ ︽ᠮᠦᠭᠦ ᠶᠢᠨ ᠵᠦᠰᠡ︾ ᠭᠡᠳᠡᠭ ᠨᠢ ᠲᠠᠷᠠ ᠶᠤᠮ᠃ | ⒌ ᠪᠡᠯᠴᠢᠭᠡᠷ ᠢ ᠬᠠᠳᠤᠯᠠᠩ ᠢᠶᠠᠷ ᠠᠰᠢᠭᠯᠠᠬᠤ᠃ ᠪᠠᠶᠢᠭᠠᠯᠢ ᠶᠢᠨ ᠡᠪᠡᠰᠦ ᠪᠡᠯᠴᠢᠭᠡᠷ ᠢ ᠮᠠᠯ ᠠᠵᠤ ᠠᠬᠤᠢ ᠳᠤ | ᠠᠰᠢᠭᠯᠠᠬᠤ ᠳᠤ ᠪᠡᠯᠴᠢᠭᠡᠷᠯᠡᠬᠦ ᠪᠠ ᠬᠠᠳᠤᠬᠤ ᠬᠤᠶᠠᠷ ᠵᠦᠢᠯ ᠤᠨ ᠠᠷᠭ᠎ᠠ ᠬᠡᠯᠪᠡᠷᠢ ᠶᠢ ᠠᠪᠳᠠᠭ᠃ ᠦᠵᠦᠮᠦᠴᠢᠨ ᠤ | ᠵᠡᠭᠦᠨ ᠰᠤᠮᠤ ᠭᠠᠴᠠᠭ᠎ᠠ ᠶᠢᠨ ᠣᠯᠠᠩᠬᠢ ᠮᠠᠯᠴᠢᠨ ᠡᠷᠦᠬᠡ ᠪᠡᠯᠴᠢᠭᠡᠷ ᠤᠷᠭᠤᠴᠠ ᠰᠠᠶᠢᠲᠠᠢ ᠪᠣᠯᠬᠤᠷ ᠲᠤᠰ ᠬᠤᠶᠠᠷ | ᠵᠦᠢᠯ ᠤᠨ ᠬᠡᠯᠪᠡᠷᠢ ᠶᠢ ᠬᠤᠣᠰᠯᠠᠭᠤᠯᠤᠨ ᠬᠡᠷᠡᠭᠯᠡᠳᠡᠭ᠃ ᠬᠠᠳᠤᠯᠠᠩ ᠤᠨ ᠪᠡᠯᠴᠢᠭᠡᠷ ᠢᠶᠠᠨ ᠲᠤᠰᠬᠠᠶᠢᠯᠠᠨ ᠬᠡᠭᠡᠷ᠎ᠡ | ᠵᠡᠯᠢᠭᠦᠳ ᠭᠠᠵᠠᠷ ᠢ ᠰᠣᠩᠭᠤᠨ ᠳᠠᠯᠪᠢᠬᠤ ᠪᠤᠶᠤ ᠤᠶᠢᠷᠠᠯᠴᠠᠭ᠎ᠠ ᠬᠠᠳᠤᠯᠠᠩ ᠢᠶᠠᠨ ᠬᠠᠪᠤᠷ ᠤᠨ ᠰᠡᠭᠦᠯᠴᠢ ᠪᠠᠷ | ᠲᠠᠯᠪᠢᠵᠤ᠂ ᠤᠷᠭᠤᠴᠠ ᠪᠠ ᠦᠳᠭᠡᠷᠡᠯᠳᠡ ᠶᠢᠨ ᠬᠤᠭᠤᠴᠠᠭᠠᠨ ᠳᠤ ᠮᠠᠯ ᠤᠷᠤᠭᠤᠯᠬᠤ ᠦᠭᠡᠢ ᠬᠠᠮᠠᠭᠠᠯᠠᠵᠤ ᠪᠠᠶᠢᠳᠠᠭ᠃ | ᠶᠡᠷᠦ ᠨᠢ ᠡᠪᠡᠰᠦ ᠬᠠᠳᠤᠬᠤ ᠳᠠᠭᠠᠨ ᠦᠶᠡᠲᠦ ᠡᠪᠡᠰᠦ ᠲᠣᠯᠣᠭᠠᠶᠢᠯᠠᠵᠤ ᠪᠠᠶᠢᠭ᠎ᠠ ᠪᠤᠶᠤ ᠪᠤᠷᠴᠠᠭᠲᠤ ᠡᠪᠡᠰᠦ | ᠴᠡᠴᠡᠭᠯᠡᠵᠦ ᠪᠠᠶᠢᠭ᠎ᠠ ᠡᠪᠡᠰᠦᠨ ᠤ ᠰᠢᠮ᠎ᠡ ᠴᠢᠨᠠᠷ ᠮᠠᠰᠢ ᠰᠠᠶᠢᠨ ᠪᠠᠶᠢᠳᠠᠭ ᠴᠠᠭ ᠬᠤᠭᠤᠴᠠᠭᠠᠨ ᠳᠤ ᠬᠠᠳᠤᠬᠤ ᠨᠢ | ᠲᠣᠬᠢᠷᠠᠮᠵᠢᠲᠠᠢ ᠪᠠᠶᠢᠳᠠᠭ ᠶᠤᠮ᠂ ᠬᠠᠳᠤᠬᠤ ᠴᠠᠭ ᠨᠢ ᠤᠷᠦ᠋ᠢᠳᠠᠬᠤ ᠲᠤᠳᠤᠮ ᠡᠪᠡᠰᠦᠨ ᠤ ᠴᠢᠨᠠᠷ ᠨᠢ ᠤᠯᠠᠮ | ᠮᠠᠭᠤᠳᠠᠬᠤ ᠪᠣᠯᠬᠤᠷ ᠡᠪᠡᠰᠦ ᠶᠢ ᠡᠷᠲᠡᠬᠡᠨ ᠬᠠᠳᠤᠭᠰᠠᠨ ᠨᠢ ᠠᠰᠢᠭᠲᠠᠢ᠃ ᠦᠵᠦᠮᠦᠴᠢᠨ ᠳᠤ ᠣᠯᠠᠩᠬᠢ ᠳᠠᠭᠠᠨ | ᠡᠪᠡᠰᠦ ᠬᠠᠳᠤᠯᠠᠩ ᠤᠨ ᠠᠵᠢᠯ ᠢ ᠠᠷᠭ᠎ᠠ ᠶᠢᠨ ᠤᠯᠠᠷᠢᠯ ᠤᠨ 8 ᠰᠠᠷ᠎ᠠ ᠶᠢᠨ 15 ᠡᠳᠦᠷ ᠠᠴᠠ 10 ᠰᠠᠷ᠎ᠠ ᠶᠢᠨ | ᠡᠬᠢ ᠬᠦᠷᠲᠡᠯᠡᠬᠢ ᠬᠤᠭᠤᠴᠠᠭᠠᠨ ᠳᠤ ᠶᠠᠪᠤᠭᠳᠠᠳᠠᠭ᠃ ᠡᠪᠡᠰᠦ ᠬᠠᠳᠤᠬᠤ ᠳᠠᠭᠠᠨ ᠡᠪᠡᠰᠦᠨ ᠤ ᠤᠭ ᠠᠴᠠ ᠳᠡᠭᠡᠭᠰᠢ | ᠭᠤᠷᠪᠠᠨ ᠬᠤᠷᠤᠭᠤ ᠦᠯᠡᠳᠡᠭᠡᠨ ᠬᠠᠳᠤᠳᠠᠭ᠂ ᠢᠩᠭᠢᠬᠦ ᠨᠢ ᠲᠠᠷᠠᠭ᠎ᠠ ᠵᠢᠯ ᠤᠨ ᠡᠪᠡᠰᠦᠨ ᠤ ᠤᠷᠭᠤᠯᠲᠠ ᠶᠢ | ᠬᠠᠷᠠᠭᠠᠯᠵᠠᠨ᠂ ᠪᠤᠭ ᠤᠨ ᠪᠦᠷᠬᠦᠴᠡ ᠶᠢ ᠦᠯᠡᠳᠡᠭᠡᠬᠦ ᠶᠢᠨ ᠲᠥᠯᠥᠭᠡ ᠶᠤᠮ᠃ ᠣᠯᠠᠩᠬᠢ ᠳᠠᠭᠠᠨ ᠬᠠᠳᠤᠯᠠᠩ ᠢ ᠵᠢᠯ | ᠥᠨᠵᠢᠭᠡᠨ ᠬᠠᠳᠤᠪᠠᠯ ᠪᠡᠯᠴᠢᠭᠡᠷ ᠤᠨ ᠤᠷᠭᠤᠴᠠ ᠳᠤ ᠳᠡᠮᠡᠢ ᠨᠥᠯᠥᠭᠡ ᠪᠤᠯᠳᠠᠭ ᠦᠭᠡᠢ᠃ ᠡᠶᠢᠮᠦ ᠪᠠᠷ ᠬᠠᠳᠤᠯᠠᠩ ᠢ | ᠪᠡᠯᠴᠢᠭᠡᠷ ᠡᠭᠡᠯᠵᠢᠯᠡᠨ ᠬᠠᠳᠤᠳᠠᠭ ᠤᠴᠢᠷ ᠲᠠᠢ ᠶᠤᠮ᠃ ᠬᠠᠳᠤᠯᠠᠩ ᠢ ᠥᠷᠭᠡᠨ ᠢᠶᠠᠷ ᠨᠦᠭᠡᠴᠢᠯᠡᠵᠦ ᠳᠠᠷᠤᠰᠢᠯᠠᠭᠤᠯᠬᠤ | ᠨᠢ ᠮᠠᠯ ᠢᠶᠠᠨ ᠵᠤᠳ ᠭᠠᠮᠰᠢᠭ ᠢ ᠭᠡᠲᠦᠯᠭᠡᠬᠦ ᠳᠤ ᠭᠤᠣᠯ ᠴᠢᠬᠤᠯᠠ ᠦᠢᠯᠡᠳᠦᠯ ᠭᠠᠷᠭᠠᠪᠠᠴᠤ ᠪᠠᠰᠠ ᠡᠪᠦᠯ ᠬᠠᠪᠤᠷ ᠤᠨ | ᠤᠯᠠᠷᠢᠯ ᠤᠨ ᠪᠡᠯᠴᠢᠭᠡᠷ ᠢ ᠳᠠᠵᠢᠷᠰᠢᠭᠤᠯᠬᠤ ᠶᠢ ᠪᠠᠭᠠᠰᠬᠠᠬᠤ ᠦᠢᠯᠡᠳᠦᠯ ᠲᠠᠢ ᠪᠠᠶᠢᠵᠤ᠂ ᠡᠪᠡᠰᠦᠨ ᠤ ᠨᠢᠯᠬ᠎ᠠ | ᠰᠣᠶᠤᠭ᠎ᠠ ᠴᠤᠬᠤᠶᠢᠬᠤ ᠦᠶ᠎ᠡ ᠳᠤ ᠢᠳᠡᠪᠬᠢᠲᠡᠢ ᠦᠢᠯᠡᠳᠦᠯ ᠦᠵᠡᠭᠦᠯᠳᠡᠭ ᠶᠤᠮ᠃ | ⒍ ᠨᠤᠭᠤ ᠨᠠᠮᠤᠭ ᠭᠠᠵᠠᠷ ᠢ ᠠᠰᠢᠭᠯᠠᠬᠤ᠃ ᠨᠤᠭᠤ ᠭᠠᠵᠠᠷ ᠪᠣᠯ ᠬᠡᠷᠡᠰᠦ᠂ ᠬᠤᠯᠤᠰᠤ᠂ ᠦᠶᠡᠲᠡᠨ᠂ ᠰᠢᠯᠦᠬᠡ | ︵ᠰᠣᠯᠢ︶ ᠵᠡᠷᠭᠡ ᠮᠠᠰᠢ ᠤᠯᠠᠨ ᠶᠠᠩᠵᠤᠲᠤ ᠤᠷᠭᠤᠮᠠᠯ ᠤᠨ ᠵᠦᠢᠯᠲᠡ ᠪᠠᠭᠰᠢᠷᠠᠨ ᠤᠷᠭᠤᠳᠠᠭ ᠴᠢᠬᠢᠭᠯᠢᠭ ᠣᠷᠣᠨ | ᠪᠣᠯᠣᠨ᠎ᠠ᠂ ᠡᠶᠢᠮᠦᠷᠬᠦ ᠨᠤᠭᠤ ᠭᠠᠵᠠᠷ ᠨᠢ ᠲᠠᠯ᠎ᠠ ᠶᠢᠨ ᠡᠪᠡᠰᠦ ᠶᠢ ᠪᠤᠳᠤᠪᠠᠯ ᠴᠢᠬᠢᠭᠯᠢᠭ ᠨᠣᠶᠢᠲᠠᠨ ᠪᠥᠭᠡᠳ | ᠱᠦᠪᠳᠦᠷᠯᠢᠭ ᠬᠤᠵᠢᠷᠯᠢᠭ ᠤᠷᠭᠤᠮᠠᠯ ᠤᠯᠠᠨ ᠭᠠᠷᠳᠠᠭ ᠢᠶᠠᠷ ᠰᠢᠮ᠎ᠡ ᠲᠡᠵᠢᠭᠡᠯ ᠢᠶᠠᠷ ᠥᠨᠳᠥᠷ᠂ ᠮᠠᠯ ᠰᠦᠷᠦᠭ ᠤᠨ | ᠶᠠᠮᠠᠷ ᠤᠯᠠᠷᠢᠯ ᠳᠤ ᠴᠤ ᠢᠳᠡᠰᠢᠯᠡᠳᠡᠭ ᠪᠡᠯᠴᠢᠭᠡᠷ ᠪᠤᠯᠳᠠᠭ᠃ ᠨᠤᠭᠤ ᠭᠠᠵᠠᠷ ᠤᠨ ᠣᠨᠴᠠᠯᠢᠭ ᠪᠣᠯ ᠤᠷᠭᠤᠯᠲᠠ ᠶᠢᠨ | ᠨᠡᠮᠡᠭᠳᠡᠯ ᠬᠤᠷᠳᠤᠴᠠ ᠲᠦᠷᠭᠡᠨ ᠪᠠᠶᠢᠳᠠᠭ ᠢᠶᠠᠷ ᠮᠠᠯ ᠰᠦᠷᠦᠭ ︽ᠢᠳᠡᠭᠡᠳ ᠪᠠᠷᠠᠭᠳᠠᠰᠢ ᠦᠭᠡᠢ ᠡᠬᠢ ᠪᠠᠶᠠᠯᠢᠭ︾ | ᠪᠤᠯᠳᠠᠭ ᠤᠴᠢᠷ ᠲᠠᠢ᠃ ᠮᠠᠯᠴᠢᠳ ᠡᠨᠡᠬᠦ ᠵᠢᠷᠭᠠᠯᠠᠩ ᠤᠨ ᠡᠬᠢ ᠪᠠᠶᠠᠯᠢᠭ ᠤᠨ ᠣᠷᠣᠨ ᠢᠶᠠᠨ ᠨᠢᠳᠦᠨ ᠴᠡᠴᠡᠭᠡᠢ ᠮᠡᠲᠦ | ᠬᠠᠶᠢᠷᠠᠯᠠᠳᠠᠭ ᠪᠥᠭᠡᠳ ᠠᠮᠢᠳᠠᠨ ᠵᠢᠭᠦᠷᠲᠡᠨ ᠢ ᠨᠢ ᠠᠯᠠᠳᠠᠭ ᠦᠭᠡᠢ᠂ ᠬᠥᠷᠥᠰᠥ ᠰᠢᠷᠣᠢ ᠶᠢ ᠨᠢ ᠬᠦᠨᠳᠡᠳᠡᠭ ᠦᠭᠡᠢ | ᠬᠡᠵᠢᠶᠡᠳᠡ ᠬᠠᠶᠢᠷᠠᠯᠠᠨ ᠬᠠᠮᠠᠭᠠᠯᠠᠵᠤ ᠶᠠᠪᠤᠳᠠᠭ ᠶᠤᠮ᠃ ᠵᠤᠨ ᠤ ᠤᠯᠠᠷᠢᠯ ᠳᠤ ᠪᠣᠷᠣᠭᠠᠨ ᠬᠤᠷ᠎ᠠ ᠡᠯᠪᠡᠭ᠂ ᠢᠯᠠᠭ᠎ᠠ | ᠰᠢᠮᠠᠭᠤᠯ ᠬᠥᠳᠡᠯᠬᠦ ᠦᠶ᠎ᠡ ᠳᠤ ᠨᠤᠭᠤ ᠭᠠᠵᠠᠷ ᠢᠶᠠᠨ ᠲᠠᠯᠪᠢᠨ ᠤᠷᠭᠤᠭᠤᠯᠵᠦ᠂ ᠡᠪᠦᠯ ᠳᠡᠭᠡᠨ ᠨᠤᠭᠤ ᠭᠠᠵᠠᠷ ᠤᠨ | ᠨᠦᠮᠦᠷᠯᠢᠭ ᠭᠠᠵᠠᠷ ᠢᠷᠡᠵᠦ᠂ ᠥᠩ ᠳᠤᠯᠠᠭᠠᠨ ᠡᠪᠦᠯᠵᠡᠳᠡᠭ ᠪᠠᠶᠢᠪᠠ᠃ ᠵᠡᠭᠦᠨ ᠦᠵᠦᠮᠦᠴᠢᠨ ᠬᠤᠰᠢᠭᠤᠨ ᠳᠠᠭᠠᠨ | ᠤᠯᠠᠭᠠᠢ ᠰᠧᠶᠡᠯᠵᠢ ᠶᠢᠨ ᠭᠤᠣᠯ ᠤᠨ ᠬᠥᠪᠡᠭᠡᠨ ᠤ ᠨᠤᠭᠤ ᠭᠠᠵᠠᠷ ᠪᠣᠯ ᠥᠷᠭᠡᠨ ᠢᠶᠠᠷ ᠢᠶᠠᠨ ᠲᠠᠪᠢ ᠵᠢᠷᠠᠨ ᠭᠠᠵᠠᠷ᠂ | ᠤᠷᠳᠤ ᠪᠠᠷ ᠢᠶᠠᠨ ᠵᠢᠷᠭᠤᠭᠠᠨ ᠵᠠᠭᠤᠨ ᠬᠤᠷᠢ ᠭᠤᠴᠢᠭᠠᠳ ᠭᠠᠵᠠᠷ ᠦᠷᠭᠦᠯᠵᠢᠯᠡᠵᠦ᠂ ᠬᠠᠵᠠᠭᠤ ᠰᠦᠪᠡᠭᠡᠨ ᠠᠴᠠ ᠪᠠᠨ | 15 ᠭᠤᠣᠯ ᠤᠷᠤᠰᠬᠠᠯ ᠤᠨ ᠨᠡᠶᠢᠯᠡᠮᠡᠯ ᠴᠢᠳᠬᠤᠯᠠᠩ ᠲᠠᠢ᠂ ᠤᠯᠠᠨ ᠨᠠᠭᠤᠷ ᠪᠦᠷᠢᠳᠦ ᠶᠢᠨ ᠬᠡᠪᠡᠯᠢ ᠶᠢ | ᠪᠢᠯᠬᠠᠭᠤᠯᠤᠭᠰᠠᠨ ᠠᠮᠢ ᠠᠬᠤᠢ ᠶᠢᠨ ᠡᠬᠢ ᠪᠠᠶᠠᠯᠢᠭ ᠤᠨ ᠣᠷᠣᠨ ᠪᠤᠯᠬᠤ ᠮᠥᠷᠲᠡᠭᠡᠨ ᠪᠠᠰᠠ ᠪᠠᠶᠢᠭᠠᠯᠢ ᠶᠢᠨ ᠴᠢᠬᠤᠯᠠ | ᠶᠡᠭᠡ ᠤᠰᠤᠨ ᠰᠢᠰᠲ᠋ᠧᠮ ᠤᠨ ᠣᠷᠣᠨ ᠪᠠᠶᠢᠵᠠᠢ᠃ ᠳᠡᠭᠡᠷ᠎ᠡ ᠵᠠᠭᠤᠨ ᠤ ᠰᠡᠭᠦᠯᠴᠢ ᠪᠤᠯᠳᠠᠯ᠎ᠠ ᠤᠯᠠᠭᠠᠢ ᠭᠤᠣᠯ ᠤᠨ | ᠰᠠᠪᠠ ᠭᠠᠵᠠᠷ ᠲᠤ 7 ᠰᠤᠮᠤ ᠨᠢᠭᠡᠴᠡ ᠶᠢᠨ 100 ᠲᠦᠮᠡᠨ ᠣᠷᠴᠢᠮ ᠮᠠᠯ ᠰᠦᠷᠦᠭ ᠤᠮᠳᠠᠯᠠᠨ ᠮᠠᠯᠵᠢᠬᠤ ᠳᠤ | ᠳᠤᠮᠳᠠᠷᠠᠰᠢ ᠦᠭᠡᠢ ᠪᠠᠶᠢᠳᠠᠭ ᠠᠮᠢ ᠠᠬᠤᠢ ᠶᠢᠨ ᠡᠬᠢ ᠪᠠᠶᠠᠯᠢᠭ ᠤᠨ ᠣᠷᠣᠨ ᠪᠠᠶᠢᠭᠰᠠᠨ ᠶᠤᠮ᠃ ᠤᠯᠠᠭᠠᠢ ᠤᠰᠤᠨ | ᠴᠦᠭᠦᠷᠦᠮ ᠢ ᠪᠠᠶᠢᠭᠤᠯᠤᠭᠰᠠᠨ ᠢᠶᠠᠷ ᠡᠨᠡᠬᠦ ᠦᠨᠡᠯᠡᠰᠢ ᠦᠭᠡᠢ ᠠᠮᠢ ᠠᠬᠤᠢ ᠪᠣᠯᠣᠨ ᠤᠰᠤᠨ ᠰᠢᠰᠲ᠋ᠧᠮ ᠤᠨ | ᠣᠷᠣᠨ ᠤ ᠮᠥᠬᠦᠯ ᠢ ᠲᠤᠩᠬᠠᠭᠯᠠᠭᠰᠠᠨ ᠶᠤᠮ᠃ ᠤᠳᠤ ᠪᠣᠯᠬᠤᠶ᠎ᠠ ᠬᠠᠳᠤᠵᠤ ᠰᠢᠷᠭᠢᠭᠰᠡᠨ ᠭᠤᠣᠯ ᠤᠨ ᠬᠤᠪᠬᠢ᠂ | ᠨᠠᠭᠤᠷ ᠪᠦᠷᠢᠳᠦ ᠶᠢᠨ ᠬᠠᠭᠤᠷᠠᠢ ᠬᠡᠪᠡᠯᠢ ᠠᠴᠠ ᠰᠢᠷᠣᠢ ᠶᠢᠨ ᠰᠢᠭᠤᠷᠭ᠎ᠠ ᠳᠡᠭᠳᠡᠵᠦ᠂ ᠤᠤᠯ ᠨᠢ ᠪᠠᠷᠠᠭᠤᠨᠰᠢ ᠰᠢᠯᠢᠷᠡᠨ | ᠤᠷᠤᠰᠬᠤ ᠤᠰᠤᠨ ᠰᠢᠰᠲ᠋ᠧᠮ ᠪᠦᠬᠦᠢ ᠨᠤᠭᠤ ᠭᠠᠵᠠᠷ ᠪᠠᠶᠢᠭᠰᠠᠨ ᠪᠣᠯ ᠤᠳᠤ ᠪᠤᠯᠬᠤ ᠳᠤ ᠵᠡᠭᠦᠨᠰᠢ ᠬᠤᠶᠢᠯᠠᠷᠠᠨ | ᠦᠷᠭᠦᠯᠵᠢᠯᠡᠬᠦ ᠰᠢᠷᠣᠢ ᠶᠢᠨ ᠰᠢᠭᠤᠷᠭ᠎ᠠ ᠰᠠᠯᠬᠢᠨ ᠤ ᠬᠤᠭᠤᠯᠠᠢ ᠪᠣᠯᠤᠭᠰᠠᠨ ᠨᠢ ᠮᠠᠯᠴᠢᠳ ᠤᠨ ᠪᠠᠶᠢᠭᠠᠯᠢ | ᠪᠡᠯᠴᠢᠭᠡᠷ ᠤᠨ ᠡᠬᠢ ᠪᠠᠶᠠᠯᠢᠭ ᠦᠭᠡᠶᠢᠬᠢᠭᠳᠡᠵᠦ᠂ ᠬᠥᠮᠥᠨ ᠮᠠᠯ ᠤᠨ ᠤᠰᠤ ᠤᠮᠳᠠ ᠶᠢ ᠬᠤᠬᠢᠷᠠᠭᠤᠯᠤᠭᠰᠠᠨ | ᠬᠠᠷᠠᠮᠰᠠᠯ ᠤᠨ ᠲᠤᠶᠢᠯ ᠪᠤᠯᠭᠠᠭᠰᠠᠨ ᠪᠠᠶᠢᠳᠠᠭ᠃ ᠰᠧᠶᠡᠯᠵᠢ ᠶᠢᠨ ᠬᠤᠶᠠᠷ ᠪᠣᠭᠳᠠ ᠶᠢᠨ ᠡᠩᠭᠡᠷ ᠳᠠᠬᠢ ᠵᠠᠳᠠᠭᠠᠢ | ᠨᠡᠭᠦᠷᠡᠰᠦᠨ ᠠᠭᠤᠷᠬᠠᠢ ᠥᠷᠭᠡᠨ ᠶᠡᠭᠡ ᠪᠡᠯᠴᠢᠭᠡᠷ ᠤᠨ ᠣᠷᠣᠨ ᠢ ᠡᠵᠡᠯᠡᠨ᠂ ᠪᠣᠬᠢᠷᠳᠠᠯ ᠤᠨ ᠬᠠᠷ᠎ᠠ ᠮᠠᠨᠠᠨ ᠪᠣᠰᠴᠤ | ᠦᠷᠭᠦᠯᠵᠢᠯᠡᠭᠰᠡᠭᠡᠷ᠃ ᠡᠨᠡ ᠪᠣᠯ ᠥᠩᠭᠡᠷᠡᠭᠰᠡᠨ ᠤ ᠦᠵᠦᠮᠦᠴᠢᠨ ᠪᠠᠶᠢᠯ᠎ᠡ ᠶᠢᠨ ᠬᠤᠰᠢᠭᠤᠨ ᠤ ᠲᠦᠮᠡᠨ ᠴᠠᠭᠠᠨ | ᠠᠳᠤᠭᠤ ᠦᠷᠡᠵᠢᠭᠦᠯᠦᠭᠰᠡᠨ ᠰᠧᠭᠮᠢᠳ ᠪᠠᠶᠠᠨ ᠤ ᠡᠷᠳᠡᠨᠢ ᠶᠢᠨ ᠠᠯᠳᠠᠨ ᠤᠨᠠᠭ᠎ᠠ ᠢᠯᠡᠷᠡᠭᠰᠡᠨ ᠲᠠᠷᠬᠠᠨ ᠣᠷᠣᠨ᠂ | ᠣᠳᠣᠬᠢ ᠦᠰᠦᠷᠦᠩᠭᠦᠢ ᠬᠥᠭᠵᠢᠯᠲᠡ ᠲᠠᠢ ᠤᠯᠠᠭᠠᠢ ᠬᠠᠮᠢᠶᠠᠷᠤᠯᠲᠠ ᠶᠢᠨ ᠣᠷᠣᠨ ᠭᠡᠳᠡᠭ ᠪᠣᠯᠣᠨ᠎ᠠ᠃ | ⒎ ᠳᠠᠪᠤᠰᠤ ᠱᠡᠦ ᠬᠤᠵᠢᠷ ᠪᠠ ᠭᠤᠪᠢ ᠶᠢᠨ ᠬᠡᠷᠡᠰᠦ ᠢ ᠠᠰᠢᠭᠯᠠᠬᠤ᠃ ᠦᠵᠦᠮᠦᠴᠢᠨ ᠲᠠᠯ᠎ᠠ ᠨᠤᠲᠤᠭ ᠲᠤ | ᠬᠠᠮᠢᠭ᠎ᠠ ᠨᠢ ᠪᠣᠯᠤᠭᠰᠠᠨ ᠴᠤ ᠳᠠᠪᠤᠰᠤ ᠱᠡᠦ ᠬᠤᠵᠢᠷ ᠤᠨ ᠨᠠᠭᠤᠷ ᠲᠣᠭᠤᠷᠢᠮ ᠤᠯᠠᠨ ᠪᠠᠶᠢᠳᠠᠭ᠃ ᠪᠡᠯᠴᠢᠭᠡᠷ ᠤᠨ | ᠡᠪᠡᠰᠦ ᠤᠷᠭᠤᠮᠠᠯ ᠤᠨ ᠪᠦᠷᠬᠦᠴᠡ ᠲᠠᠢ ᠪᠠᠨ ᠬᠤᠯᠢᠯᠳᠤᠨ ᠪᠠᠶᠢᠳᠠᠭ ᠡᠳᠡᠭᠡᠷ ᠨᠠᠭᠤᠷ ᠪᠦᠷᠢᠳᠦ ᠨᠢ ᠮᠠᠯ ᠰᠦᠷᠦᠭ ᠲᠤ | ᠡᠪᠡᠰᠦ ᠤᠰᠤ ᠲᠤᠲᠠᠭᠳᠠᠵᠤ ᠪᠤᠯᠳᠠᠭ ᠦᠭᠡᠢ ᠲᠠᠢ ᠠᠳᠠᠯᠢ ᠪᠠᠷ ᠪᠡᠯᠴᠢᠭᠡᠷ ᠤᠨ ᠭᠠᠷᠤᠯᠲᠠ ᠶᠢᠨ ᠡᠬᠢ ᠪᠠᠶᠠᠯᠢᠭ ᠤᠨ | ᠪᠠᠰᠠ ᠨᠢᠭᠡᠨ ᠴᠢᠬᠤᠯᠠ ᠪᠦᠷᠢᠯᠳᠦᠭᠦᠨ ᠬᠡᠰᠡᠭ ᠪᠣᠯᠤᠭ᠎ᠠ᠃ ᠳᠠᠪᠤᠰᠤ ᠱᠡᠦ ᠬᠤᠵᠢᠷ ᠪᠣᠯ ᠮᠠᠯ ᠤᠨ ᠲᠠᠷᠭᠤ ᠠᠪᠬᠤ᠂ | ᠲᠠᠷᠭᠤ ᠬᠦᠴᠦ ᠶᠢ ᠲᠣᠭᠲᠠᠭᠠᠨ ᠬᠠᠮᠠᠭᠠᠯᠠᠬᠤ᠂ ᠡᠪᠡᠳᠴᠢᠨ ᠭᠡᠮ ᠢ ᠰᠡᠷᠭᠡᠶᠢᠯᠡᠬᠦ᠂ ᠬᠡᠭᠡᠯ ᠬᠠᠮᠠᠭᠠᠯᠠᠬᠤ᠂ ᠮᠠᠯ ᠢ | ᠥᠯᠴᠢᠷᠰᠢᠭᠦᠯᠬᠦ᠂ ᠨᠢᠯᠬ᠎ᠠ ᠮᠠᠯ ᠤᠨ ᠥᠰᠴᠦ ᠪᠣᠶᠢᠵᠢᠬᠤ ᠳᠤ ᠲᠤᠲᠠᠭᠳᠠᠵᠤ ᠪᠣᠯᠣᠰᠢ ᠦᠭᠡᠢ ᠨᠥᠬᠦᠪᠦᠷᠢᠯᠡᠬᠦ | ᠡᠯᠮᠧᠨ᠋ᠲ ᠤᠳ ᠪᠣᠯᠣᠨ᠎ᠠ᠃ ᠦᠵᠦᠮᠦᠴᠢᠨ ᠪᠡᠯᠴᠢᠭᠡᠷ ᠨᠤᠲᠤᠭ ᠨᠢ ᠮᠠᠯ ᠤᠨ ᠠᠮᠢᠨ ᠬᠡᠷᠡᠭᠴᠡᠭᠡᠲᠦ ᠡᠪᠡᠰᠦ᠂ ᠤᠰᠤ᠂ | ᠳᠠᠪᠤᠰᠤ ᠬᠤᠵᠢᠷ ᠢ ᠪᠦᠷᠢᠨ ᠬᠠᠩᠭᠠᠬᠤ ᠡᠬᠢ ᠪᠠᠶᠠᠯᠢᠭ ᠪᠦᠷᠢᠯᠳᠦᠭᠦᠯᠦᠭᠰᠡᠨ ᠡᠷᠳᠡᠨᠢᠰ ᠤᠨ ᠥᠯᠥᠭᠡᠢ ᠪᠤᠯᠬᠤ ᠶᠤᠮ᠃ | ᠨᠠᠭᠤᠷ ᠪᠦᠷᠢᠳᠦᠨ ᠳᠤ ᠱᠣᠷᠪᠣᠭ ᠨᠠᠭᠤᠷ᠂ ᠴᠡᠩᠭᠡᠭ ᠨᠠᠭᠤᠷ ᠤᠨ ᠢᠯᠭᠠᠮᠵᠢ ᠪᠤᠢ᠃ ᠱᠣᠷᠪᠣᠭ ᠨᠠᠭᠤᠷ ᠪᠣᠯ ᠭᠠᠳᠠᠭᠰᠢ | ᠤᠷᠤᠰᠬᠤ ᠦᠭᠡᠢ ᠨᠠᠭᠤᠷ ᠤᠨ ᠳᠣᠲᠣᠷ᠎ᠠ ᠨᠢ ᠳᠠᠪᠤᠰᠤ ᠬᠤᠵᠢᠷ ᠤᠨ ᠠᠭᠤᠯᠠᠭᠳᠠᠴᠠ ᠮᠠᠰᠢ ᠡᠯᠪᠡᠭ ᠪᠠᠶᠢᠳᠠᠭ᠃ | ᠵᠢᠱᠢᠶᠡᠯᠡᠪᠡᠯ ᠵᠡᠭᠦᠨ ᠦᠵᠦᠮᠦᠴᠢᠨ ᠤ ᠡᠵᠢ ᠨᠠᠭᠤᠷ᠂ ᠪᠠᠭ᠎ᠠ ᠡᠵᠢ᠂ ᠤᠯᠠᠭᠠᠢ ᠶᠢᠨ ᠤᠷᠢᠳᠤ ᠳᠠᠪᠤᠰᠤᠨ ᠨᠠᠭᠤᠷ᠂ | ᠠᠷᠤ ᠳᠠᠪᠤᠰᠤᠨ ᠨᠠᠭᠤᠷ᠂ ᠤᠩᠭᠤᠨ ᠤ ᠶᠡᠭᠡ ᠳᠠᠪᠤᠰᠤᠨ ᠨᠠᠭᠤᠷ᠂ ᠠᠯᠳᠠᠨᠬᠢᠯᠢ ᠶᠢᠨ ᠴᠠᠶᠢᠳᠠᠮ ᠤᠨ ᠭᠤᠷᠪᠠᠨ ᠱᠡᠦ | ᠪᠣᠯᠣᠨ ᠪᠠᠷᠠᠭᠤᠨ ᠦᠵᠦᠮᠦᠴᠢᠨ ᠤ ᠶᠡᠭᠡ ᠳᠠᠪᠤᠰᠤᠲᠤ᠂ ᠳᠠᠪᠤᠰᠤᠲᠤ᠂ ᠡᠷᠢᠶᠡᠨ ᠳᠠᠪᠤᠰᠤᠲᠤ᠂ ᠬᠤᠵᠢᠷᠲᠤ ᠭᠤᠷᠪᠠᠨ | ᠨᠠᠭᠤᠷ ᠵᠡᠷᠭᠡ ᠨᠢᠭᠡ ᠵᠠᠭᠤ ᠠᠷᠪᠠ ᠭᠠᠷᠤᠢ ᠳᠠᠪᠤᠰᠤ ᠬᠤᠵᠢᠷ ᠱᠡᠦ ᠶᠢᠨ ᠠᠭᠤᠯᠠᠭᠳᠠᠴᠠ ᠲᠠᠢ ᠨᠠᠭᠤᠷ ᠪᠦᠷᠢᠨ ᠪᠤᠰᠤ | ᠪᠦᠷᠢᠳᠬᠡᠭᠳᠡᠵᠦ ᠪᠠᠶᠢᠳᠠᠭ ᠠᠵᠠᠢ᠃ ᠮᠠᠯᠴᠢᠳ ᠲᠦᠷᠪᠡᠨ ᠤᠯᠠᠷᠢᠯ ᠤᠨ ᠳᠣᠲᠣᠷ᠎ᠠ ᠰᠠᠷ᠎ᠠ ᠪᠦᠷᠢ ᠮᠠᠯ ᠰᠦᠷᠦᠭ ᠢᠶᠠᠨ | ᠳᠠᠪᠤᠰᠤᠲᠠᠢ ᠤᠰᠤ ᠤᠤᠭᠤᠯᠭᠠᠬᠤ ᠪᠤᠶᠤ ᠬᠤᠵᠢᠷ ᠱᠡᠦ ᠳᠣᠯᠢᠶᠠᠯᠭᠠᠵᠤ᠂ ᠭᠤᠪᠢ ᠴᠠᠶᠢᠳᠠᠮ ᠤᠨ ᠬᠡᠷᠡᠰᠦ ᠳᠤ | ᠣᠷᠣᠭᠤᠯᠳᠠᠭ᠃ ᠵᠤᠨ ᠨᠠᠮᠤᠷ ᠤᠨ ᠲᠠᠷᠭᠤ ᠠᠪᠬᠤ ᠦᠶ᠎ᠡ ᠳᠤ ᠳᠠᠪᠤᠰᠤ ᠱᠡᠦ ᠪᠠ ᠬᠡᠷᠡᠰᠦ ᠳᠤ ᠰᠠᠷ᠎ᠠ ᠶᠢᠨ ᠬᠡᠳᠦ | ᠤᠳᠠᠭ᠎ᠠ ᠣᠷᠣᠭᠤᠯᠵᠤ ᠬᠤᠨᠢ ᠮᠠᠯ ᠢ ᠲᠡᠩᠬᠡᠷᠡᠭᠦᠯᠦᠨ ᠲᠠᠷᠭᠤ ᠠᠪᠬᠤ ᠶᠢ ᠠᠬᠢᠭᠤᠯᠳᠠᠭ᠂ ᠡᠪᠦᠯ ᠬᠠᠪᠤᠷ ᠲᠠᠭᠠᠨ | ᠲᠤᠯᠤᠭᠤᠪᠤᠷᠢᠳᠠᠢ ᠭᠠᠵᠠᠷ ᠠᠴᠠ ᠠᠯᠤᠰ ᠵᠠᠶᠢᠳᠠᠭᠤ ᠪᠣᠯ ᠦᠬᠡᠷ ᠲᠡᠮᠡᠭᠡᠨ ᠲᠡᠷᠭᠡ ᠪᠠᠷ ᠲᠡᠭᠡᠭᠡᠵᠦ᠂ ᠬᠤᠲᠠᠨ ᠤ | ᠵᠠᠬ᠎ᠠ ᠳᠤ ᠪᠠᠭᠤᠯᠭᠠᠨ ᠳᠣᠯᠢᠶᠠᠯᠭᠠᠳᠠᠭ᠃ ᠢᠩᠭᠢᠬᠦ ᠨᠢ ᠮᠠᠯ ᠥᠯᠴᠢᠷᠰᠢᠵᠦ ᠰᠠᠯᠬᠢ ᠥᠭᠡᠳᠡ ᠪᠡᠯᠴᠢᠭᠡᠷᠯᠡᠨ | ᠢᠳᠡᠰᠢᠯᠡᠳᠡᠭ ᠪᠥᠭᠡᠳ ᠪᠠᠰᠠ ᠮᠠᠯ ᠤᠨ ᠭᠡᠳᠡᠰᠦᠨ ᠤ ᠬᠤᠷᠣᠬᠠᠢ ᠲᠤᠤᠰᠤ ᠶᠢ ᠬᠥᠭᠡᠭᠡᠬᠦ ᠦᠢᠯᠡᠳᠦᠯ ᠲᠠᠢ ᠪᠠᠶᠢᠵᠤ᠂ | ᠮᠠᠯ ᠤᠨ ᠡᠴᠡᠵᠦ ᠲᠤᠷᠠᠬᠤ ᠶᠢ ᠰᠡᠷᠭᠡᠶᠢᠯᠡᠵᠦ ᠴᠢᠳᠠᠳᠠᠭ ᠶᠤᠮ᠃ ᠡᠷᠲᠡ ᠰᠣᠳᠨᠠᠮᠷᠠᠪᠲᠠᠨ ᠴᠢᠨ ᠸᠠᠩ᠂ ᠮᠠᠯ ᠤᠨ ᠮᠢᠬ᠎ᠠ | ᠱᠦᠯᠲᠦ ᠶᠢᠨ ᠠᠮᠲᠠ ᠶᠢᠨ ᠲᠤᠬᠠᠢ ᠶᠠᠷᠢᠬᠤ ᠳᠠᠭᠠᠨ᠄ ︽ᠡᠵᠢ ᠨᠠᠭᠤᠷ ᠬᠠᠪᠢ ᠶᠢᠨ ᠬᠤᠨᠢᠨ ᠤ ᠮᠢᠬ᠎ᠠ ᠢᠳᠡᠬᠦ ᠳᠤ | ᠠᠮᠲᠠ ᠲᠠᠢ ᠪᠠᠶᠢᠳᠠᠭ ᠨᠢ ᠡᠪᠡᠰᠦ ᠤᠰᠤ᠂ ᠱᠡᠦ ᠱᠣᠷᠪᠣᠭ ᠨᠢ ᠲᠡᠩᠴᠡᠭᠰᠡᠨ ᠳᠤ ᠪᠠᠶᠢᠬᠤ ᠶᠤᠮ︾ ᠭᠡᠰᠡᠨ ᠪᠠᠶᠢᠵᠠᠢ᠃ | ᠬᠠᠰᠢᠷ ᠲᠤᠷᠰᠢᠯᠭ᠎ᠠ ᠲᠠᠢ ᠮᠠᠯᠴᠢᠳ ᠶᠡᠷᠦᠨᠢ ᠡᠪᠡᠰᠦ ᠪᠣᠯ ᠮᠠᠯ ᠤᠨ ᠮᠢᠬ᠎ᠠ᠂ ᠤᠰᠤ ᠪᠣᠯ ᠥᠭᠡᠬᠦ᠂ ᠱᠡᠦ ᠱᠣᠷᠪᠣᠭ ᠪᠣᠯ | ᠮᠠᠯ ᠤᠨ ᠡᠮ ᠭᠡᠵᠦ ᠦᠵᠡᠳᠡᠭ᠃ | ᠳᠠᠪᠤᠰᠤ ᠬᠤᠵᠢᠷ ᠱᠡᠦ ᠪᠣᠯᠣᠨ ᠭᠤᠪᠢ ᠴᠠᠶᠢᠳᠠᠮ ᠢ ᠠᠰᠢᠭᠯᠠᠬᠤ ᠳᠠᠭᠠᠨ ᠠᠳᠠᠯᠢ ᠱᠣᠷᠪᠣᠭ ᠤᠰᠤ ᠪᠤᠶᠤ | ᠱᠣᠷᠪᠣᠭ ᠪᠡᠯᠴᠢᠭᠡᠷ ᠲᠠᠢ ᠭᠠᠵᠠᠷ ᠲᠤ ᠮᠠᠯ ᠤᠨ ᠡᠪᠡᠳᠴᠢᠨ ᠭᠡᠮ ᠲᠤᠰᠪᠠᠯ ᠠᠳᠠᠯᠢ ᠦᠭᠡᠢ ᠨᠡᠭᠦᠳᠡᠯ ᠪᠠᠭᠤᠳᠠᠯ | ᠰᠣᠯᠢᠬᠤ ᠠᠷᠭ᠎ᠠ ᠪᠠᠷ ᠡᠳᠡᠭᠡᠷᠡᠭᠦᠯᠦᠨ ᠵᠠᠰᠠᠬᠤ ᠴᠤ ᠪᠤᠢ᠃ ᠡᠨᠡ ᠨᠢ ᠪᠣᠯ ᠳᠡᠳᠡᠨ ᠤ ᠪᠡᠯᠴᠢᠭᠡᠷ ᠤᠨ ᠤᠷᠭᠤᠮᠠᠯ ᠪᠤᠶᠤ | ᠱᠣᠷᠪᠣᠭ ᠨᠠᠭᠤᠷ ᠤᠰᠤᠨ ᠳᠤ ᠲᠡᠷᠡ ᠡᠪᠡᠳᠴᠢᠨ ᠭᠡᠮ ᠬᠢᠵᠢᠭ ᠢ ᠵᠠᠰᠠᠵᠤ ᠴᠢᠳᠠᠬᠤ ᠨᠢᠭᠡ ᠵᠦᠢᠯ ᠤᠨ ᠡᠮᠲᠦ ᠪᠣᠳᠠᠰ | ᠪᠠᠶᠢᠬᠤ ᠶᠢ ᠮᠡᠳᠡᠵᠦ ᠠᠰᠢᠭᠯᠠᠭᠰᠠᠨ ᠳᠤ ᠪᠠᠶᠢᠬᠤ ᠶᠤᠮ᠂ ᠡᠭᠦᠨ ᠢ ︽ᠪᠡᠯᠴᠢᠭᠡᠷ ᠢᠶᠠᠷ ᠭᠡᠮ ᠬᠢᠵᠢᠭ ᠢ ᠵᠠᠰᠠᠬᠤ︾ ᠭᠡᠳᠡᠭ᠃ | | ⒏ ᠮᠠᠯ ᠬᠠᠷᠢᠭᠤᠯᠬᠤᠢ ᠶᠢᠨ ᠪᠡᠯᠴᠢᠭᠡᠷ ᠲᠤ ᠵᠣᠬᠢᠴᠠᠬᠤ ᠠᠷᠭ᠎ᠠ ᠬᠡᠯᠪᠡᠷᠢ᠃ ᠨᠤᠲᠤᠭ ᠳᠡᠪᠰᠢᠭᠰᠡᠨ ᠤ ᠳᠠᠷᠠᠭᠠᠬᠢ | ᠮᠠᠯ ᠰᠦᠷᠦᠭ ᠤᠨ ᠪᠡᠯᠴᠢᠭᠡᠷ ᠤᠨ ᠬᠠᠷᠢᠭᠤᠯᠭ᠎ᠠ ᠪᠣᠯ ᠰᠢᠨ᠎ᠡ ᠪᠡᠯᠴᠢᠭᠡᠷ ᠲᠤ ᠭᠠᠷᠤᠯ᠎ᠠ ᠭᠡᠳ ᠭᠠᠳᠠᠨ᠎ᠠ ᠪᠠᠨ | ᠬᠤᠷᠢᠶᠠᠨ ᠮᠠᠯᠵᠢᠬᠤ ᠪᠢᠰᠢ ᠬᠠᠷᠢᠨ ᠪᠡᠯᠴᠢᠭᠡᠷ ᠲᠤ ᠭᠠᠷᠭᠠᠬᠤ ᠶᠠᠪᠤᠳᠠᠯ ᠪᠠᠶᠢᠳᠠᠭ᠃ ᠪᠡᠯᠴᠢᠭᠡᠷ ᠲᠤ ᠭᠠᠷᠭᠠᠬᠤ ᠭᠡᠳᠡᠭ | ᠨᠢ ᠭᠡᠷ ᠠᠴᠠ ᠪᠠᠨ ᠵᠠᠶᠢᠲᠠᠢ ᠶᠠᠪᠤᠭᠤᠯᠵᠤ᠂ ᠰᠢᠯᠢ ᠶᠢᠨ ᠪᠡᠯᠴᠢᠭᠡᠷ ᠲᠤ ᠢᠳᠡᠰᠢᠯᠡᠭᠦᠯᠬᠦ ᠶᠢ ᠵᠢᠭᠠᠳᠠᠭ᠃ ᠭᠡᠷ ᠤᠨ | ᠤᠶᠢᠷᠠᠯᠴᠠᠭ᠎ᠠ ᠮᠠᠯ ᠰᠦᠷᠦᠭ ᠬᠠᠷᠢᠭᠤᠯᠪᠠᠯ ︽ᠠᠷᠭᠠᠮᠵᠢᠶ᠎ᠠ ᠳᠡᠭᠡᠷ᠎ᠡ ᠮᠠᠯ ᠢᠶᠠᠨ ᠬᠤᠷᠢᠶᠠᠯ᠎ᠠ︾ ᠭᠡᠵᠦ ᠵᠡᠩᠨᠡᠯᠳᠠᠳᠠᠭ | ᠶᠤᠮ᠃ ᠦᠵᠦᠮᠦᠴᠢᠨ ᠤ ᠤᠯᠠᠮᠵᠢᠯᠠᠯᠲᠤ ᠮᠠᠯᠵᠢᠬᠤ ᠠᠷᠭ᠎ᠠ ᠪᠠᠷ ᠪᠣᠯ ᠮᠠᠯ ᠰᠦᠷᠦᠭ ᠢ ᠥᠷᠯᠥᠭᠡ ᠪᠡᠯᠴᠢᠭᠡᠪᠡᠯ ᠣᠷᠣᠢ | ᠨᠢᠭᠡᠯᠡ ᠬᠤᠲᠠᠯᠠᠳᠠᠭ᠃ ᠡᠭᠦᠨ ᠳᠤ ᠥᠷᠯᠥᠭᠡ ᠡᠷᠲᠡ ᠳᠤ ︽ᠬᠤᠨᠢ ᠬᠥᠳᠡᠯᠭᠡᠬᠦ ᠬᠥᠮᠥᠨ︾᠂ ᠬᠤᠲᠠᠨ ᠠᠴᠠ | ᠬᠠᠷᠢᠭᠤᠯᠬᠤ ᠵᠦᠭ ᠲᠤᠨᠢ ᠰᠦᠷᠦᠭ ᠢ ᠨᠢ ᠬᠥᠳᠡᠯᠭᠡᠵᠦ ᠦᠭᠳᠡᠭ ᠪᠥᠭᠡᠳ ᠦᠳᠡ ᠠᠴᠠ ᠬᠤᠶᠢᠰᠢ | ︽ᠤᠭᠲᠤᠭᠤᠯ ᠤᠨ ᠬᠥᠮᠥᠨ︾ ᠲᠤᠰᠴᠤ᠂ ᠮᠠᠯ ᠬᠠᠷᠢᠭᠤᠯᠤᠭᠴᠢ ᠶᠢ ᠢᠳᠡᠭᠦᠯᠵᠦ ᠤᠤᠭᠤᠯᠭᠠᠬᠤ ᠶᠠᠪᠤᠳᠠᠯ | ᠪᠠᠶᠢᠬᠤ ᠠᠴᠠ ᠪᠢᠰᠢ᠂ ᠦᠳᠡ ᠳᠤ ᠮᠠᠯ ᠰᠦᠷᠦᠭ ᠢᠶᠠᠷ ᠪᠤᠴᠠᠬᠤ ᠶᠠᠪᠤᠳᠠᠯ ᠦᠭᠡᠢ ᠶᠤᠮ᠃ ᠰᠦᠷᠦᠭ ᠢᠶᠠᠨ | ᠪᠡᠯᠴᠢᠭᠡᠬᠦ ᠳᠡᠭᠡᠨ ᠨᠢᠭᠡᠯᠡ ᠵᠦᠭ ᠲᠠᠷᠬᠠᠭᠠᠨ ᠢᠳᠡᠰᠢᠯᠡᠭᠦᠵᠦ ᠶᠠᠪᠤᠭᠰᠠᠭᠠᠷ ᠨᠠᠷᠠ ᠬᠡᠯᠪᠡᠶᠢᠵᠦ ᠦᠳᠡ ᠠᠴᠠ ᠬᠤᠶᠢᠰᠢ | ᠪᠤᠯᠬᠤ ᠲᠠᠢ ᠵᠡᠷᠭᠡ ᠰᠠᠶ᠋ᠢ ᠰᠦᠷᠦᠭ ᠡᠷᠭᠢᠵᠦ ᠠᠭᠠᠵᠢᠮ ᠢᠶᠠᠷ ᠪᠤᠴᠠᠨ ᠣᠷᠣᠢ ᠨᠠᠷᠠ ᠰᠢᠩᠭᠡᠭᠰᠡᠨ ᠤ ᠲᠠᠷᠠᠭ᠎ᠠ | ᠬᠤᠲᠠᠨ ᠳᠠᠭᠠᠨ ᠢᠷᠡᠳᠡᠭ᠃ ᠨᠢᠭᠡ ᠵᠦᠭ ᠲᠤ ᠣᠯᠠᠨᠲᠠ ᠭᠠᠷᠭᠠᠬᠤ ᠶᠢ ᠴᠡᠭᠡᠷᠯᠡᠵᠦ᠂ ᠡᠳᠦᠷ ᠪᠦᠷᠢ ᠶᠢᠨ ᠪᠡᠯᠴᠢᠭᠡᠷᠯᠡᠬᠦ | ᠵᠦᠭ ᠶᠢ ᠴᠤ ᠪᠠᠶᠢᠩᠭᠤ ᠰᠣᠯᠢᠳᠠᠭ᠃ ᠡᠭᠦᠨ ᠤ ᠶᠣᠰᠣ ᠤᠴᠢᠷ ᠪᠣᠯ ᠰᠦᠷᠦᠭ ᠶᠠᠪᠤᠵᠤ ᠪᠤᠴᠠᠬᠤ ᠳᠠᠭᠠᠨ 15 - | 20 ᠺᠢᠯᠣᠮᠧᠲᠷ ᠣᠷᠴᠢᠮ ᠭᠠᠵᠠᠷ ᠬᠤᠯᠠ ᠶᠠᠪᠤᠵᠤ᠂ ᠲᠡᠷᠡ ᠡᠳᠦᠷ ᠲᠡᠭᠡᠨ ᠨᠢᠭᠡ ᠭᠠᠵᠠᠷ ᠲᠤ ᠭᠢᠰᠬᠢᠬᠦ ᠠᠴᠠ ᠬᠤᠶᠠᠷ | ᠳᠠᠪᠬᠤᠷᠳᠠᠭᠤᠯᠬᠤ ᠦᠭᠡᠢ ᠶᠤᠮ᠃ ᠡᠶᠢᠮᠦ ᠪᠠᠷ ᠨᠢᠯᠬ᠎ᠠ ᠨᠣᠭᠤᠭ᠎ᠠ ᠶᠢ ᠭᠡᠮᠲᠦᠭᠡᠬᠦ ᠪᠠ ᠤᠷᠭᠤᠯᠲᠠ ᠭᠦᠢᠴᠡᠭᠰᠡᠨ | ᠡᠪᠡᠰᠦ ᠶᠢ ᠭᠢᠰᠬᠢᠯᠡᠨ ᠰᠦᠢᠳᠬᠡᠬᠦ ᠬᠡᠪᠴᠢᠶ᠎ᠡ ᠲᠤᠶᠢᠯ ᠤᠨ ᠪᠠᠭ᠎ᠠ ᠪᠤᠯᠳᠠᠭ᠃ | ᠮᠠᠯᠴᠢᠳ ᠶᠡᠷᠦᠨᠢ ᠡᠷᠲᠡ ᠠᠴᠠ᠂ ᠮᠠᠯ ᠤᠨ ᠲᠤᠭ᠎ᠠ ᠪᠣᠯᠣᠨ ᠪᠡᠯᠴᠢᠭᠡᠷ ᠤᠨ ᠠᠰᠢᠭᠯᠠᠮᠵᠢ ᠶᠢᠨ ᠬᠡᠪᠴᠢᠶ᠎ᠡ ᠶᠢᠨ | ᠬᠤᠭᠤᠷᠤᠨᠳᠤᠬᠢ ᠬᠠᠷᠢᠴᠠᠭ᠎ᠠ ᠶᠢ ᠵᠦᠢ ᠵᠣᠬᠢᠰᠲᠠᠢ ᠠᠰᠢᠭᠯᠠᠨ ᠰᠡᠶᠢᠳᠪᠦᠷᠢᠯᠡᠵᠦ ᠢᠷᠡᠭᠰᠡᠨ ᠪᠠᠶᠢᠳᠠᠭ᠂ ᠨᠢᠭᠡ | ᠨᠤᠲᠤᠭ ᠲᠤ ᠤᠳᠠᠭᠠᠨ ᠰᠠᠭᠤᠬᠤ ᠪᠠ ᠮᠠᠯ ᠤᠨ ᠲᠤᠭ᠎ᠠ ᠲᠣᠯᠣᠭᠠᠢ ᠣᠯᠠᠰᠢᠷᠠᠵᠤ᠂ ︽ᠲᠤᠭᠤᠷᠠᠢ ᠶᠢᠨ ᠵᠤᠳ︾ | ᠪᠤᠯᠬᠤ ᠠᠴᠠ ᠰᠡᠷᠭᠡᠶᠢᠯᠡᠵᠦ᠂ ᠬᠤᠳᠳᠤᠭ ᠮᠠᠯᠲᠠᠵᠤ ᠰᠢᠯᠢ ᠪᠡᠯᠴᠢᠭᠡᠷ ᠢᠶᠠᠨ ᠠᠰᠢᠭᠯᠠᠬᠤ ᠪᠠ ᠰᠦᠷᠦᠭ ᠰᠠᠯᠭᠠᠨ | ᠮᠠᠯᠵᠢᠬᠤ ᠵᠡᠷᠭᠡ ᠪᠦᠳᠦᠮᠵᠢᠳᠡᠢ ᠠᠷᠭ᠎ᠠ ᠶᠢ ᠠᠪᠴᠤ᠂ ᠪᠡᠯᠴᠢᠭᠡᠷ ᠢᠶᠠᠨ ᠵᠣᠬᠢᠰᠲᠠᠢ ᠠᠰᠢᠭᠯᠠᠬᠤ ᠳᠠᠭᠠᠨ | ᠦᠢᠯᠡᠴᠢᠯᠡᠭᠦᠯᠦᠭᠰᠡᠨ ᠪᠠᠶᠢᠳᠠᠭ᠃ | ⒐ ᠭᠤᠣᠯ ᠤᠷᠤᠰᠬᠠᠯ᠂ ᠪᠤᠯᠠᠭ ᠱᠠᠩᠳᠠ ᠢ ᠠᠰᠢᠭᠯᠠᠵᠤ ᠬᠠᠮᠠᠭᠠᠯᠠᠬᠤ᠃ ᠪᠡᠯᠴᠢᠭᠡᠷ ᠤᠨ ᠤᠰᠤᠨ ᠳᠤ ᠭᠤᠣᠯ | ᠤᠷᠤᠰᠬᠠᠯ᠂ ᠪᠤᠯᠠᠭ ᠱᠠᠩᠳᠠ᠂ ᠨᠠᠭᠤᠷ ᠲᠣᠭᠤᠷᠢᠮ ᠪᠠᠶᠢᠳᠠᠭ ᠪᠥᠭᠡᠳ ᠬᠥᠮᠥᠨ ᠤ ᠬᠦᠴᠦ ᠪᠠᠷ ᠮᠠᠯᠲᠠᠭᠰᠠᠨ | ᠬᠤᠳᠳᠤᠭ ᠤᠨ ᠤᠰᠤ ᠵᠡᠷᠭᠡ ᠪᠠᠭᠲᠠᠨ᠎ᠠ᠃ ᠮᠠᠯ ᠰᠦᠷᠦᠭ ᠤᠰᠤᠯᠠᠬᠤ ᠪᠠᠨ ᠵᠠᠳᠠᠭᠠᠢ ᠤᠤᠭᠤᠬᠤ᠂ ᠬᠤᠳᠳᠤᠭ | ᠤᠤᠭᠤᠬᠤ᠂ ᠴᠠᠰᠤᠯᠠᠬᠤ ᠭᠡᠵᠦ ᠢᠯᠭᠠᠳᠠᠭ᠃ ᠳᠤᠯᠠᠭᠠᠨ ᠤᠯᠠᠷᠢᠯ ᠳᠤ ᠵᠠᠳᠠᠭᠠᠢ ᠤᠰᠤᠯᠠᠬᠤ ᠪᠤᠶᠤ ᠬᠤᠤᠳᠤᠭ ᠲᠤ | ᠤᠰᠤᠯᠠᠵᠤ᠂ ᠡᠪᠦᠯ ᠤᠨ ᠤᠯᠠᠷᠢᠯ ᠳᠤ ᠴᠠᠰᠤᠯᠠᠬᠤ ᠪᠠᠷ ᠭᠤᠣᠯ ᠪᠣᠯᠭᠠᠳᠠᠭ᠃ ᠭᠡᠬᠦ ᠳᠡᠭᠡᠨ ᠴᠠᠰᠤᠨ ᠤ ᠵᠥᠭᠡᠯᠡᠨ ᠢ | ᠬᠠᠷᠠᠵᠤ ᠪᠡᠯᠴᠢᠭᠡᠷ ᠲᠡᠭᠡᠨ ᠵᠣᠬᠢᠴᠠᠭᠤᠯᠵᠤ ᠮᠠᠯᠵᠢᠳᠠᠭ᠃ ᠮᠣᠩᠭᠤᠯᠴᠤᠳ ᠨᠤᠲᠤᠭ ᠤᠰᠤ ᠪᠠᠨ ︽ᠤᠤᠭᠤᠭᠰᠠᠨ ᠤᠰᠤ | ᠷᠠᠰᠢᠶᠠᠨ᠂ ᠤᠨᠠᠭᠰᠠᠨ ᠰᠢᠷᠣᠢ ᠠᠯᠳᠠ︾ ᠭᠡᠵᠦ ᠮᠠᠭᠲᠠᠨ᠂ ᠲᠡᠭᠦᠨ ᠤ ᠦᠨᠡᠲᠦ ᠴᠢᠨᠠᠷ ᠢ ᠲᠠᠨᠢᠵᠤ᠂ ᠴᠡᠪᠡᠷ ᠠᠷᠢᠭᠤᠨ ᠢ | ᠨᠢ ᠬᠠᠶᠢᠷᠠᠯᠠᠨ ᠬᠠᠳᠠᠭᠠᠯᠠᠵᠤ ᠶᠠᠪᠤᠳᠠᠭ᠃ ᠡᠶᠢᠮᠦ ᠠᠴᠠ ᠬᠤᠳᠳᠤᠭ ᠤᠰᠤᠨ ᠠᠴᠠ ᠵᠣᠬᠢᠬᠤ ᠵᠠᠶᠢᠲᠠᠢ ᠪᠠᠭᠤᠳᠠᠭ ᠠᠴᠠ | ᠪᠢᠰᠢ᠂ ᠬᠤᠳᠳᠤᠭ ᠤᠨ ᠠᠮᠰᠠᠷ ᠳᠡᠭᠡᠷ᠎ᠡ ᠪᠤᠶᠤ ᠤᠰᠤᠨ ᠤ ᠳᠡᠷᠭᠡᠳᠡ ᠬᠦᠷᠴᠦ ᠪᠠᠭᠤᠳᠠᠭ ᠦᠭᠡᠢ ᠶᠤᠮ᠃ ᠪᠤᠯᠠᠭ | ᠱᠠᠩᠳᠠ ᠶᠢᠨ ᠡᠬᠢ ᠶᠢ ᠬᠦᠨᠳᠡᠵᠦ ᠪᠤᠯᠳᠠᠭ ᠦᠭᠡᠢ᠂ ᠭᠤᠣᠯ ᠤᠰᠤᠨ ᠳᠤ ᠠᠯᠢᠪᠠ ᠡᠳ᠋ ᠪᠣᠳᠠᠰ ᠤᠬᠢᠶᠠᠵᠤ ᠪᠤᠯᠳᠠᠭ | ᠦᠭᠡᠢ᠂ ᠨᠡᠩ ᠢᠯᠠᠩᠭᠤᠶ᠎ᠠ ᠪᠤᠵᠠᠷ ᠪᠤᠷᠲᠠᠭ ᠵᠦᠢᠯ ᠢ ᠣᠶᠢᠷᠠᠲᠤᠭᠤᠯᠵᠤ ᠪᠤᠯᠳᠠᠭ ᠦᠭᠡᠢ ᠵᠡᠷᠭᠡ ᠴᠡᠭᠡᠷ ᠬᠤᠷᠢᠭ᠎ᠠ ᠲᠠᠢ | ᠪᠠᠶᠢᠳᠠᠭ᠃ ᠢᠩᠭᠢᠪᠡᠯ ︽ᠯᠤᠤᠰ ᠬᠢᠯᠢᠩᠨᠡᠬᠦ︾ ᠪᠤᠶᠤ ︽ᠭᠠᠵᠠᠷ ᠯᠤᠤᠰ ᠪᠤᠵᠠᠷᠳᠠᠨᠡ︾ ᠭᠡᠵᠦ ᠦᠵᠡᠳᠡᠭ᠃ | ᠮᠣᠩᠭᠤᠯᠴᠤᠳ ᠤᠰᠤᠨ ᠤ ᠰᠤᠳᠠᠯ ᠲᠠᠰᠤᠯᠬᠤ ᠶᠢ ᠲᠤᠩ ᠬᠢᠴᠢᠶᠡᠵᠦ᠂ ᠪᠤᠯᠠᠭ ᠢ ᠤᠬᠤᠵᠤ ᠮᠠᠯᠲᠠᠬᠤ᠂ ᠪᠤᠯᠠᠵᠤ | ᠪᠥᠭᠯᠡᠬᠦ᠂ ᠭᠤᠣᠯ ᠭᠤᠷᠤᠬ᠎ᠠ ᠶᠢ ᠳᠤᠷ᠎ᠠ ᠪᠠᠷ ᠢᠶᠠᠨ ᠬᠠᠰᠢᠵᠤ ᠬᠤᠷᠢᠬᠤ᠂ ᠰᠡᠲᠡᠯᠵᠦ ᠵᠠᠯᠠᠬᠤ ᠵᠡᠷᠭᠡ ᠶᠢ ᠶᠡᠷᠦ ᠠᠴᠠ | ᠴᠡᠭᠡᠷᠯᠡᠭᠰᠡᠭᠡᠷ ᠢᠷᠡᠪᠡ᠃ | ⒑ ᠲᠠᠷᠭᠤ ᠠᠪᠤᠭᠤᠯᠬᠤ ᠶᠢᠨ ᠪᠡᠯᠴᠢᠭᠡᠷ ᠤᠨ ᠠᠰᠢᠭᠯᠠᠮᠵᠢ ᠲᠠᠢ ᠬᠤᠯᠪᠣᠭᠳᠠᠬᠤ ᠤᠴᠢᠷ᠃ ᠮᠠᠯ ᠤᠨ ᠲᠠᠷᠭᠤ | ᠬᠤᠷ ᠠᠪᠤᠭᠤᠯᠬᠤ ᠨᠢ᠂ ᠮᠠᠯᠵᠢᠯ ᠤᠨ ᠤᠬᠠᠭᠠᠨ ᠪᠤᠯᠪᠠᠴᠤ ᠨᠠᠷᠢᠨ ᠠᠵᠢᠭᠯᠠᠪᠠᠯ ᠪᠡᠯᠴᠢᠭᠡᠷ ᠢ ᠰᠢᠨᠵᠢᠯᠡᠬᠦ | ᠤᠬᠠᠭᠠᠨᠴᠢ ᠪᠠᠷ ᠠᠰᠢᠭᠯᠠᠭᠰᠠᠨ ᠤ ᠦᠷ᠎ᠡ ᠳ᠋ᠦᠩ ᠪᠤᠯᠬᠤ ᠶᠤᠮ᠃ ᠬᠠᠭᠤᠴᠢ ᠦᠭᠡᠨ ᠳᠤ᠄ ︽ᠲᠤᠰᠤᠨ ᠲᠠᠷᠭᠤ ᠲᠠᠢ | ᠮᠠᠯ ᠵᠤᠨ ᠢ ᠤᠭᠲᠤᠬᠤ ᠳᠤ ᠬᠢᠯᠪᠡᠷ᠂ ᠤᠰᠤᠨ ᠲᠠᠷᠭᠤ ᠲᠠᠢ ᠮᠠᠯ ᠡᠪᠦᠯ ᠢ ᠲᠤᠭᠤᠯᠬᠤ ᠳᠤ ᠪᠡᠷᠬᠡ︾ ᠭᠡᠳᠡᠭ᠃ ᠲᠤᠰᠤᠨ | ᠲᠠᠷᠭᠤ ᠠᠪᠤᠭᠤᠯᠬᠤ ᠪᠣᠯ ᠤᠯᠠᠨ ᠶᠠᠩᠵᠤᠲᠤ ᠡᠪᠡᠰᠦᠨ ᠤ ᠴᠢᠨᠠᠷ ᠱᠠᠭᠠᠷᠳᠠᠭᠳᠠᠬᠤ᠂ ᠲᠠᠷᠭᠤᠯᠠᠭᠤᠯᠬᠤ ᠲᠦᠷᠦᠯ ᠤᠨ | ᠤᠷᠭᠤᠮᠠᠯ ᠴᠤ ᠡᠯᠪᠡᠭ ᠪᠠᠶᠢᠬᠤ ᠴᠢᠬᠤᠯᠠ ᠲᠠᠢ᠃ ᠡᠨᠡ ᠨᠢ ᠪᠡᠯᠴᠢᠭᠡᠷ ᠢᠶᠠᠨ ᠴᠢᠳᠠᠮᠠᠭᠠᠢ ᠠᠰᠢᠭᠯᠠᠬᠤ ᠪᠣᠯᠣᠨ | ᠬᠠᠮᠠᠭᠠᠯᠠᠬᠤ ᠲᠠᠢ ᠰᠢᠭᠤᠳ ᠬᠠᠷᠢᠴᠠᠭ᠎ᠠ ᠲᠠᠢ ᠪᠠᠶᠢᠳᠠᠭ ᠢᠶᠠᠷ ᠦᠯᠦ ᠪᠠᠷᠠᠮ ᠬᠦᠳᠡᠯᠭᠡᠨᠳᠦ ᠨᠡᠭᠦᠳᠡᠯ ᠣᠲᠣᠷ ᠢᠶᠠᠷ | ᠶᠠᠪᠤᠵᠤ᠂ ᠰᠣᠷᠭᠤᠭ ᠪᠡᠯᠴᠢᠭᠡᠷ ᠰᠣᠩᠭᠤᠨ ᠬᠡᠷᠡᠭᠯᠡᠬᠦ ᠪᠤᠯᠭᠠᠭᠰᠠᠨ ᠶᠤᠮ᠃ ᠡᠭᠦᠨ ᠳᠤ ᠪᠡᠯᠴᠢᠭᠡᠷ ᠤᠨ ᠤᠯᠠᠨ | ᠶᠠᠩᠵᠤ ᠶᠢᠨ ᠤᠷᠭᠤᠮᠠᠯ ᠢ ᠲᠠᠨᠢᠬᠤ᠂ ︽ᠡᠪᠡᠰᠦᠨ ᠤ ᠴᠢᠨᠠᠷ ᠢ ᠭᠦᠨ ᠮᠡᠳᠡᠬᠦ ᠶᠡᠭᠡ ᠤᠬᠠᠭᠠᠨ︾ ᠨᠢᠭᠤᠭᠳᠠᠵᠤ ᠪᠠᠶᠢᠳᠠᠭ᠃ | ᠡᠪᠡᠰᠦᠨ ᠤ ᠴᠢᠨᠠᠷ ᠢ ᠲᠠᠨᠢᠵᠤ ᠮᠠᠯᠵᠢᠬᠤ ᠪᠣᠯ ᠭᠠᠭᠴᠠᠬᠦ ᠲᠠᠷᠭᠤ ᠠᠪᠤᠭᠤᠯᠬᠤ ᠳᠡᠭᠡᠷ᠎ᠡ ᠢᠯᠡᠷᠡᠬᠦ ᠲᠡᠳᠦᠢ ᠪᠢᠰᠢ | ᠮᠣᠩᠭᠤᠯ ᠡᠮᠨᠡᠯᠭᠡ ᠳᠤ ᠬᠡᠷᠡᠭᠯᠡᠬᠦ ᠡᠮᠲᠦ ᠤᠷᠭᠤᠮᠠᠯ ᠪᠠᠶᠢᠬᠤ ᠠᠴᠠ ᠭᠠᠳᠠᠨ᠎ᠠ ᠪᠡᠯᠴᠢᠭᠡᠷ ᠢᠶᠠᠷ ᠮᠠᠯ ᠤᠨ ᠬᠤᠷᠣᠬᠠᠢ | ᠲᠣᠭᠤᠬᠤ ᠵᠡᠷᠭᠡ ᠶᠠᠪᠤᠳᠠᠯ ᠢ ᠪᠡᠶᠡᠯᠡᠭᠦᠯᠵᠦ ᠪᠠᠶᠢᠵᠠᠢ᠃ | |