ᠮᠣᠩᠭᠤᠯ ᠡᠮᠡᠭᠡᠯ ᠪᠠ ᠳᠠᠷᠬᠠᠨ ᠡᠮᠡᠭᠡᠯ ᠤᠨ ᠪᠦᠲᠦᠴᠡ
ᠨᠡᠶᠢᠲᠡᠯᠡᠭᠰᠡᠨ ᠴᠠᠭ᠄
2024/8/30
    ᠮᠠᠨ ᠤ ᠮᠣᠩᠭᠤᠯᠴᠤᠳ ᠡᠷᠲᠡ ᠳᠡᠭᠡᠳᠦ ᠠᠴᠠ ᠪᠠᠨ ᠮᠣᠷᠢ ᠶᠢ ᠲᠠᠨᠢᠵᠤ᠂ ᠲᠡᠭᠦᠨ ᠢ ᠰᠤᠷᠭᠠᠨ ᠭᠠᠷᠰᠢᠭᠤᠯᠤᠭᠰᠠᠨ ᠠᠴᠠ ᠨᠠᠰᠢ ᠤᠨᠤᠬᠤ ᠪᠠ ᠬᠥᠯᠬᠦ ᠶᠢᠨ ᠲᠤᠯᠠᠳᠠ᠂ ᠲᠡᠭᠦᠨ ᠳᠤ ᠵᠣᠬᠢᠴᠠᠭᠰᠠᠨ ᠲᠤᠨᠤᠭ ᠬᠡᠷᠡᠭᠰᠡᠯ  ᠢ ᠡᠭᠦᠳᠦᠨ ᠪᠦᠲᠦᠭᠡᠵᠦ ᠢᠷᠡᠵᠠᠢ᠃ ᠡᠬᠢᠯᠡᠩᠭᠦᠲᠡ ᠨᠣᠭᠲᠣ ᠬᠠᠵᠠᠭᠠᠷ᠂ ᠳᠠᠷᠠᠭ᠎ᠠ ᠨᠢ ᠡᠮᠡᠭᠡᠯ ᠲᠦᠷᠦᠭᠡ᠂ ᠬᠤᠵᠢᠮ   ᠨᠢ ᠲᠡᠭᠦᠨ ᠢᠶᠠᠨ ᠥᠭᠡᠷᠡᠴᠢᠯᠡᠨ ᠰᠠᠶᠢᠵᠢᠷᠠᠭᠤᠯᠵᠤ ᠭᠤᠶᠤ ᠰᠠᠶᠢᠬᠠᠨ ᠵᠠᠰᠠᠭ ᠴᠢᠮᠡᠭ ᠲᠠᠢ ᠪᠣᠯᠭᠠᠨ ᠰᠢᠨᠡᠳᠬᠡᠵᠦ ᠢᠷᠡᠪᠠ᠃      ᠮᠣᠩᠭᠤᠯᠴᠤᠳ ᠤᠨ ᠮᠣᠷᠢᠨ ᠤ ᠲᠤᠨᠤᠭ ᠬᠡᠷᠡᠭᠰᠡᠯ ᠪᠣᠯ ᠤᠷᠳᠤ ᠤᠳᠠᠭᠠᠨ ᠬᠤᠭᠤᠴᠠᠭᠠᠨ ᠤ ᠠᠮᠢᠳᠤᠷᠠᠯ ᠤᠨ ᠳᠤᠮᠳᠠ ᠡᠭᠦᠳᠦᠨ ᠪᠦᠲᠦᠭᠡᠭᠰᠡᠨ ᠪᠦᠬᠦ ᠮᠠᠯᠴᠢᠨ ᠨᠡᠭᠦᠳᠡᠯᠴᠢᠨ ᠣᠪᠣᠭ ᠠᠶᠢᠮᠠᠭ ᠤᠨ ᠨᠡᠶᠢᠳᠡ ᠶᠢᠨ ᠪᠦᠲᠦᠭᠡᠯ ᠶᠤᠮ᠃ ᠬᠠᠭᠤᠴᠢ ᠰᠤᠳᠤᠯᠤᠯ᠂ ᠲᠡᠦᠬᠡ ᠲᠡᠮᠳᠡᠭᠯᠡᠯ ᠢ ᠦᠨᠳᠦᠰᠦᠯᠡᠪᠡᠯ ᠮᠠᠨ ᠤ ᠡᠷᠢᠨ ᠤ ᠡᠮᠦᠨᠡᠬᠢ 2000 ᠵᠢᠯ ᠤᠨ ᠲᠡᠷᠲᠡᠭᠡ ᠳᠤ ᠬᠤᠯᠪᠣᠭᠳᠠᠬᠤ ᠮᠣᠩᠭᠤᠯ ᠤᠨ ᠡᠷᠲᠡᠨ ᠤ ᠢᠵᠠᠭᠤᠷ ᠨᠡᠭᠦᠳᠡᠯᠴᠢᠨ ᠠᠶᠢᠮᠠᠭ ᠤᠨ ᠬᠠᠮᠤᠭ ᠠᠩᠬᠠᠨ ᠤ ᠬᠠᠩᠭᠠᠢ ᠲᠡᠷᠭᠡ ᠶᠢ ᠡᠭᠦᠳᠬᠦ ᠶᠢᠨ ᠵᠡᠷᠭᠡᠳᠡ ᠡᠮᠡᠭᠡᠯ ᠡᠭᠦᠳᠴᠦ ᠡᠬᠢᠯᠡᠭᠰᠡᠨ ᠪᠠᠶᠢᠨ᠎ᠠ᠃            ᠮᠣᠩᠭᠤᠯ ᠨᠤᠲᠤᠭ ᠲᠤ ︽ᠲᠠᠪᠤᠨ ᠮᠣᠳᠣᠨ ᠤ ᠡᠮᠡᠭᠡᠯ︾᠂ ︽ᠭᠤᠷᠪᠠᠨ ᠮᠣᠳᠣᠨ ᠤ ᠡᠮᠡᠭᠡᠯ︾ ᠭᠡᠵᠦ ᠠᠴᠠ ᠰᠠᠯᠠᠭ᠎ᠠ ᠲᠠᠢ ᠮᠣᠳᠣ ᠪᠠᠷ ᠬᠢᠳᠡᠭ ᠠᠴᠠ ᠦᠵᠡᠪᠡᠯ ᠠᠩᠬᠠᠨ ᠤ ᠬᠦᠷᠡᠯ ᠵᠡᠪᠰᠡᠭ ᠤᠨ ᠦᠶ᠎ᠡ ᠠᠴᠠ ᠡᠬᠢᠯᠡᠨ ᠬᠠᠮᠤᠭ ᠤᠨ ᠪᠦᠳᠦᠭᠦᠯᠢᠭ ᠮᠣᠳᠣᠨ ᠲᠤᠨᠤᠭ ᠤᠳ ᠢ ᠬᠢᠵᠦ ᠡᠬᠢᠯᠡᠭᠰᠡᠨ ᠪᠠᠶᠢᠨ᠎ᠠ᠃ ᠮᠥᠨᠴᠦ ᠰᠤᠷ ᠳᠡᠭᠡᠰᠦ ᠪᠠᠷ ᠪᠠᠰᠠ ᠰᠤᠷ ᠲᠦᠷᠦᠭᠡ᠂ ᠳᠡᠭᠡᠰᠦᠨ ᠲᠦᠷᠦᠭᠡ᠂ ᠰᠤᠷ ᠠᠮᠠᠭᠠᠢ᠂ ᠶᠠᠰᠤᠨ ᠡᠪᠡᠷ ᠤᠨ ᠠᠮᠠᠭᠠᠢ ᠬᠢᠬᠦ ᠪᠣᠯᠵᠠᠢ᠃           ᠲᠡᠮᠦᠷᠯᠢᠭ ᠢ ᠡᠯᠪᠡᠭ ᠬᠡᠷᠡᠭᠯᠡᠬᠦ ᠪᠣᠯᠤᠭᠰᠠᠨ ᠠᠴᠠ ᠨᠠᠰᠢ᠂ ᠮᠣᠳᠣ᠂ ᠰᠤᠷ ᠢᠶᠠᠷ ᠨᠡᠩ ᠤᠷᠠᠨ ᠲᠤᠨᠤᠭ ᠲᠥᠬᠦᠭᠡᠷᠦᠮᠵᠢ ᠬᠢᠵᠦ ᠴᠢᠳᠠᠬᠤ ᠪᠣᠯᠤᠭᠰᠠᠨ ᠢᠶᠠᠷ ᠪᠠᠷᠠᠬᠤ ᠦᠭᠡᠢ᠂ ᠲᠡᠮᠦᠷᠯᠢᠭ ᠢᠶᠠᠷ ᠠᠮᠠᠭᠠᠢ᠂ ᠵᠤᠤᠵᠠᠢ᠂ ᠳᠦᠷᠦᠭᠡ ᠵᠡᠷᠭᠡ ᠦᠨᠳᠦᠰᠦᠨ ᠬᠡᠷᠡᠭᠰᠡᠨ ᠢ ᠬᠢᠵᠦ ᠴᠢᠳᠠᠪᠠ᠃ ᠡᠨᠡ ᠪᠣᠯ ᠬᠠᠮᠤᠭ ᠠᠩᠬᠠᠨ ᠤ ᠮᠣᠷᠢᠨ ᠳᠤᠨᠤᠭ ᠬᠡᠷᠡᠭᠰᠡᠯ  ᠮᠥᠨ᠃           ᠤᠨᠤᠯᠭ᠎ᠠ ᠶᠢᠨ ᠳᠤᠨᠤᠭ ᠬᠡᠷᠡᠭᠰᠡᠯ ᠢ ᠡᠩ ᠤᠨ ᠮᠠᠯᠵᠢᠬᠤ ᠦᠢᠯᠡᠳᠪᠦᠷᠢᠯᠡᠯ ᠤᠨ ᠬᠡᠷᠡᠭᠴᠡᠭᠡᠨ ᠳᠤ ᠵᠣᠷᠢᠭᠤᠯᠤᠭᠰᠠᠨ ᠪᠠ ᠳᠠᠶᠢᠨ ᠪᠠᠶᠢᠯᠳᠤᠭᠠᠨ ᠳᠤ ᠵᠣᠷᠢᠭᠤᠯᠤᠭᠰᠠᠨ ᠳᠤᠨᠤᠭ ᠬᠡᠷᠡᠭᠰᠡᠯ ᠭᠡᠵᠦ ᠢᠯᠭᠠᠵᠤ ᠪᠣᠯᠣᠨ᠎ᠠ᠃ ᠤᠨᠤᠯᠭ᠎ᠠ ᠶᠢᠨ ᠬᠡᠷᠡᠭᠴᠡᠭᠡᠨ ᠤ ᠳᠤᠨᠤᠭ ᠨᠢ ᠮᠠᠯ ᠠᠵᠤ ᠠᠬᠤᠢ ᠶᠢᠨ ᠦᠢᠯᠡᠳᠪᠦᠷᠢᠯᠡᠯ ᠳᠤ ᠵᠣᠷᠢᠭᠤᠯᠤᠭᠳᠠᠭᠰᠠᠨ ᠤᠴᠢᠷ ᠡᠳᠦᠷ ᠳᠤᠳᠤᠮ ᠤᠨ ᠠᠵᠢᠯ ᠠᠮᠢᠳᠤᠷᠠᠯ ᠳᠤ ᠪᠦᠷᠢᠨ ᠬᠡᠷᠡᠭᠴᠡᠭᠡᠲᠡᠢ᠂ ᠬᠡᠷᠡᠭᠯᠡᠭᠡᠨ ᠤ ᠴᠢᠳᠠᠪᠤᠷᠢᠢ ᠰᠠᠶᠢᠨ᠂ ᠪᠦᠬᠡ ᠮᠥᠷᠲᠡᠭᠡᠨ ᠬᠢᠯᠪᠡᠷ ᠳᠦᠯᠭᠦᠮ ᠪᠠᠶᠢᠳᠠᠭ ᠠᠴᠠ ᠶᠡᠷᠦ ᠨᠢ ᠡᠩ ᠤᠨ ᠮᠠᠯᠴᠢᠳ ᠪᠦᠬᠦᠨ ᠬᠢᠵᠦ ᠴᠢᠳᠠᠳᠠᠭ᠃ ᠡᠭᠦᠨ ᠢ ᠪᠠᠰᠠ ᠮᠠᠯᠴᠢᠳ ᠤᠨ ᠮᠣᠷᠢᠨ ᠬᠡᠷᠡᠭᠰᠡᠯ ᠭᠡᠨ᠎ᠡ᠃ ᠡᠭᠦᠨ ᠳᠤ ᠤᠨᠤᠭᠠᠷᠢ ᠶᠢᠨ ᠮᠣᠷᠢ᠂ ᠤᠷᠭᠠᠨ ᠮᠣᠷᠢᠨ ᠳᠤ ᠬᠡᠷᠡᠭᠯᠡᠬᠦ ᠡᠮᠡᠭᠡᠯ ᠬᠠᠵᠠᠭᠠᠷ᠂ ᠴᠢᠳᠦᠷ ᠲᠤᠱᠠ᠂ ᠤᠷᠭ᠎ᠠ ᠪᠤᠭᠤᠶᠢᠯᠢ ᠵᠡᠷᠭᠡ ᠪᠠᠭᠲᠠᠨ᠎ᠠ᠃           ᠮᠣᠩᠭᠤᠯ ᠤᠨ ᠮᠣᠷᠢᠨ ᠰᠣᠶᠣᠯ ᠤᠨ ᠠᠭᠤᠯᠭ᠎ᠠ ᠳᠤ ᠬᠠᠮᠤᠷᠤᠭᠳᠠᠬᠤ ᠳᠤᠨᠤᠭ ᠲᠥᠬᠦᠭᠡᠷᠦᠮᠵᠢ ᠨᠦᠭᠦᠳ ᠢ ᠮᠠᠲ᠋ᠧᠷᠢᠶᠠᠯ ᠤᠨ ᠲᠠᠯ᠎ᠠ ᠠᠴᠠ ᠠᠪᠴᠤ ᠦᠵᠡᠪᠡᠯ ᠦᠨᠳᠦᠰᠦᠨ ᠭᠤᠷᠪᠠᠨ ᠮᠠᠲ᠋ᠧᠷᠢᠶᠠᠯ ᠢᠶᠠᠷ ᠬᠢᠭᠳᠡᠵᠠᠢ ᠭᠡᠵᠦ ᠦᠵᠡᠵᠦ ᠪᠣᠯᠣᠨ᠎ᠠ᠃           ᠲᠡᠭᠦᠨ ᠤ ᠨᠢᠭᠡ ᠨᠢ ᠠᠷᠠᠰᠤ ᠰᠢᠷᠢ᠂ ᠰᠤᠷ ᠪᠠ ᠢᠰᠡᠭᠡᠢ ᠪᠣᠯᠣᠨ᠎ᠠ᠃ ᠰᠢᠷᠢ ᠪᠠᠷ ᠭᠥᠯᠢᠮ᠂ ᠳᠡᠪᠰᠡ ᠬᠢᠵᠦ᠂ ᠰᠤᠷ ᠢᠶᠠᠷ ᠴᠢᠳᠦᠷ ᠨᠣᠭᠲᠣ᠂ ᠤᠷᠭᠠᠨ ᠤ ᠬᠤᠶᠢᠪᠢ᠂ ᠪᠤᠭᠤᠶᠢᠯᠢ᠂ ᠲᠠᠲᠠᠯᠭ᠎ᠠ᠂ ᠭᠠᠨᠵᠤᠭ᠎ᠠ᠂ ᠵᠢᠷᠢᠮ᠂ ᠨᠣᠭᠲᠣ᠂ ᠣᠯᠣᠩ ᠵᠡᠷᠭᠡ ᠶᠢ ᠦᠢᠯᠡᠳᠦᠨ᠎ᠡ᠃ ᠳᠡᠯ ᠬᠢᠯᠭᠠᠰᠤ ᠪᠠᠷ ᠳᠡᠭᠡᠰᠦ ᠵᠢᠴᠢ ᠵᠢᠷᠢᠮ᠂ ᠨᠣᠭᠲᠣ᠂ ᠣᠯᠣᠩ ᠢ ᠬᠢᠨ᠎ᠡ᠃ ᠰᠤᠷ ᠬᠢᠯᠭᠠᠰᠤᠨ ᠳᠡᠭᠡᠰᠦ ᠪᠠᠷ ᠤᠶᠠᠭ᠎ᠠ ᠤᠶᠠᠵᠤ ᠡᠯᠳᠡᠪ ᠵᠠᠩᠭᠢᠯᠠᠭ᠎ᠠ ᠶᠢ ᠤᠷᠠᠯᠠᠨ ᠪᠦᠲᠦᠭᠡᠭᠰᠡᠨ ᠨᠢ ᠳᠡᠯᠡᠬᠡᠢ ᠳᠤ ᠭᠠᠭᠴᠠ ᠮᠣᠩᠭᠤᠯᠴᠤᠳ ᠪᠠᠶᠢᠭ᠎ᠠ ᠶᠤᠮ᠃         ᠲᠡᠭᠦᠨ ᠤ ᠬᠤᠶᠠᠷ ᠨᠢ ᠮᠣᠳᠣ ᠪᠣᠯᠣᠨ᠎ᠠ᠃ ᠭᠤᠣᠯᠳᠠᠭᠤ ᠬᠠᠲᠠᠭᠤ ᠪᠦᠬᠡ ᠴᠢᠨᠠᠷ ᠤᠨ ᠮᠣᠳᠣ ᠶᠢ  ᠰᠣᠩᠭᠤᠳᠠᠭ᠃ ᠡᠭᠦᠨ ᠳᠤ ᠬᠤᠰᠤ᠂ ᠨᠠᠷᠠᠰᠤ ︵ᠬᠠᠷ᠎ᠠ ᠮᠣᠳᠣ︶᠂ ᠤᠳᠠ᠂ ᠤᠯᠢᠶᠠᠰᠤ᠂ ᠬᠤᠯᠤᠰᠤ᠂ ᠽᠠᠨᠳᠠᠨ ᠮᠣᠳᠣ ᠶᠢ ᠣᠯᠵᠤ ᠬᠡᠷᠡᠭᠯᠡᠳᠡᠭ᠃ ᠮᠣᠳᠣᠨ ᠮᠠᠲ᠋ᠧᠷᠢᠶᠠᠯ ᠢᠶᠠᠷ ᠬᠢᠭᠰᠡᠨ ᠡᠮᠡᠭᠡᠯ ᠨᠢ ᠥᠪᠡᠷᠮᠢᠴᠡ ᠳᠦᠷᠢ ᠤᠷᠠᠯᠠᠯ ᠪᠦᠬᠦᠢ ᠰᠡᠶᠢᠯᠦᠮᠡᠯ ᠢᠶᠠᠷ ᠭᠤᠶᠣᠯᠠᠭᠳᠠᠭᠰᠠᠨ ᠪᠠᠶᠢᠳᠠᠭ᠃ ᠮᠣᠳᠣᠨ ᠮᠠᠲ᠋ᠧᠷᠢᠶᠠᠯ ᠢᠶᠠᠷ ᠲᠤᠨᠤᠭ ᠬᠡᠷᠡᠭᠰᠡᠯ ᠢ ᠮᠠᠯᠴᠢᠳ ᠥᠪᠡᠷᠲᠡᠭᠡᠨ ᠬᠢᠴᠢᠬᠡᠳᠡᠭ᠃      ᠲᠡᠭᠦᠨ ᠤ ᠭᠤᠷᠪᠠ ᠨᠢ ᠲᠡᠮᠦᠷᠯᠢᠭ ᠮᠠᠲ᠋ᠧᠷᠢᠶᠠᠯ᠃ ᠬᠠᠵᠠᠭᠠᠷ ᠤᠨ ᠠᠮᠠᠭᠠᠢ᠂ ᠵᠤᠤᠵᠠᠢ᠂ ᠡᠮᠡᠭᠡᠯ ᠤᠨ ᠲᠦᠷᠦᠭᠡ ᠵᠢᠴᠢ ᠵᠠᠰᠠᠯ ᠵᠢᠮᠰᠡᠭ ᠤᠳ ᠢ ᠭᠠᠤᠯᠢ᠂ ᠵᠡᠰ᠂ ᠬᠦᠷᠢᠯ᠂ ᠲᠡᠮᠦᠷ᠂ ᠪᠣᠯᠣᠳ᠂ ᠴᠠᠶᠢᠷ᠂ ᠮᠥᠩᠭᠦ᠂ ᠠᠯᠳᠠ ᠪᠠᠷ ᠬᠢᠳᠡᠭ᠃ ᠲᠡᠷᠡᠴᠢᠯᠡᠨ ᠵᠠᠰᠠᠯ ᠭᠤᠶᠣᠯᠠᠯ ᠤᠨ ᠦᠨᠡᠲᠦ ᠡᠮᠡᠭᠡᠯ ᠢ ᠠᠯᠳᠠ ᠪᠠᠷ᠂ ᠵᠢᠩ ᠲᠠᠢ ᠯᠠᠨ ᠢᠶᠠᠷ᠂ ᠨᠣᠭᠲᠣ ᠶᠢ ᠬᠠᠰ ᠢᠶᠠᠷ᠂ ᠬᠠᠵᠠᠭᠠᠷ ᠲᠦᠷᠦᠭᠡ ᠶᠢ ᠮᠥᠩᠭᠦ ᠪᠠᠷ ᠬᠢᠳᠡᠭ ᠴᠤ ᠪᠤᠢ᠃ ᠴᠠᠬᠠᠷ ᠱᠠᠩᠳᠤ ᠠᠳᠤᠭᠤᠴᠢᠨ ᠬᠤᠰᠢᠭᠤᠨ  ᠤ ᠮᠥᠩᠭᠦᠨ ᠳᠠᠷᠬᠠᠨ ᠰᠤᠨᠤᠮ ᠤᠨ ᠦᠢᠯᠡᠳᠤᠭᠰᠡᠨ ᠮᠥᠩᠭᠦᠨ ᠡᠳ᠋ᠯᠡᠯ ᠪᠠ ᠮᠥᠩᠭᠦᠨ ᠲᠠᠷᠬ᠎ᠠ ᠶᠢᠨ ᠪᠠᠭᠠᠵᠢ ᠬᠡᠷᠡᠭᠰᠡᠯ ᠡᠳᠦᠭᠡ ᠪᠤᠯᠳᠠᠯ᠎ᠠ ᠤᠯᠠᠮᠵᠢᠯᠠᠭᠳᠠᠭᠰᠠᠭᠠᠷ ᠪᠠᠶᠢᠨ᠎ᠠ᠃ ᠮᠣᠩᠭᠤᠯᠴᠤᠳ ᠤᠨ ᠡᠮᠡᠭᠡᠯ ᠳᠤ᠂ ᠴᠤᠯᠤ ᠮᠥᠩᠭᠦᠨ ᠡᠮᠡᠭᠡᠯ᠂ ᠭᠠᠤᠯᠢᠨ ᠡᠮᠡᠭᠡᠯ᠂ ᠵᠢᠩ ᠲᠠᠢ ᠯᠠᠨ ᠡᠮᠡᠭᠡᠯ ᠵᠡᠷᠭᠡ ᠪᠠᠶᠢᠳᠠᠭ᠃         ᠡᠮᠡᠭᠡᠯᠴᠢ ᠶᠢᠨ ᠨᠡᠷ᠎ᠡ ᠶᠢᠨ ᠨᠡᠷᠡᠯᠡᠭᠳᠡᠭᠰᠡᠨ ᠰᠠᠮᠪᠤᠤ ᠡᠮᠡᠭᠡᠯ᠂ ᠣᠪᠣᠭ ᠠᠶᠢᠮᠠᠭ ᠤᠨ ᠨᠡᠷ᠎ᠡ ᠪᠠᠷ ᠨᠡᠷᠡᠯᠡᠭᠳᠡᠭᠰᠡᠨ ᠳᠠᠷᠬᠠᠳ ᠡᠮᠡᠭᠡᠯ᠂ ᠪᠣᠷᠵᠢᠭᠢᠨ ᠡᠮᠡᠭᠡᠯ᠂ ᠤᠷᠢᠶᠠᠩᠬᠠᠢ ᠡᠮᠡᠭᠡᠯ᠂ ᠪᠤᠷᠢᠶᠠᠳ ᠡᠮᠡᠭᠡᠯ᠂ ᠦᠵᠦᠮᠦᠴᠢᠨ ᠡᠮᠡᠭᠡᠯ᠂ ᠣᠶᠢᠷᠠᠳ ᠡᠮᠡᠭᠡᠯ ᠭᠡᠵᠦ ᠢᠯᠭᠠᠨ᠎ᠠ᠃            ᠳᠠᠷᠬᠠᠨ ᠡᠮᠡᠭᠡᠯ ᠤᠨ ᠪᠦᠲᠦᠴᠡ᠄  ᠳᠠᠷᠬᠠᠨ ᠡᠮᠡᠭᠡᠯ ᠤᠨ ᠮᠣᠳᠣ ᠨᠢ ᠡᠮᠦᠨ᠎ᠡ ᠬᠤᠶᠢᠲᠤ ᠪᠦᠭᠦᠷᠭᠡ᠂ ᠵᠥᠪ ᠪᠤᠷᠤᠭᠤ ᠬᠤᠶᠠᠷ ᠲᠠᠯ᠎ᠠ ᠶᠢᠨ ᠬᠠᠳᠠᠪᠴᠢ ᠵᠡᠷᠭᠡ ᠳᠦᠷᠪᠠᠨ ᠬᠡᠰᠡᠭ ᠢᠶᠠᠷ ᠪᠦᠷᠯᠳᠤᠳᠡᠭ᠃ ᠬᠤᠶᠠᠷ ᠬᠠᠳᠠᠪᠴᠢ ᠶᠢᠨ ᠭᠤᠣᠯ ᠤᠨ ᠵᠠᠯᠭᠠᠭᠠᠰᠤ ᠬᠡᠰᠡᠭ  ᠢ ᠵᠢᠭᠠᠰᠤ ᠭᠡᠳᠡᠭ᠃ ︵ᠵᠠᠷᠢᠮ ᠭᠠᠵᠠᠷ ᠬᠤᠩᠭᠤ ᠭᠡᠵᠦ ᠨᠡᠷᠡᠯᠡᠳᠡᠭ︶᠃ ᠡᠮᠡᠭᠡᠯ ᠤᠨ ᠮᠣᠳᠣ ᠶᠢ ᠬᠠᠲᠠᠭᠤ ᠪᠠᠬᠢᠯᠢᠭ᠌ ᠴᠢᠨᠠᠷ ᠲᠠᠢ ᠬᠤᠰᠤ᠂ ᠦᠷᠢᠯ᠂ ᠲᠠᠤᠯᠠᠢ ᠶᠢᠨ ᠪᠥᠭᠡᠷ᠎ᠡ᠂ ᠠᠭᠠᠷᠤ᠂ ᠽᠠᠨᠳᠠᠨ᠂ ᠰᠤᠮᠤᠨ ᠮᠣᠳᠣ ᠶᠢ ᠰᠣᠩᠭᠤᠨ ᠬᠡᠷᠡᠭᠯᠡᠳᠡᠭ᠃ ᠡᠮᠡᠭᠡᠯ ᠤᠨ ᠪᠦᠭᠦᠷᠭᠡ ᠶᠢ ᠠᠴᠠ ᠮᠣᠳᠣ ᠪᠠᠷ ᠪᠢᠲᠡᠭᠦᠦ ᠬᠢᠨ᠎ᠡ᠃ ᠬᠠᠳᠠᠪᠴᠢ ᠶᠢ ᠠᠮᠠᠷᠬᠠᠨ ᠬᠠᠭᠠᠷᠠᠵᠤ ᠴᠤᠴᠠᠷᠠᠬᠤ ᠦᠭᠡᠢ ᠬᠤᠰᠤ ᠮᠣᠳᠣ ᠪᠠᠷ ᠬᠢᠳᠡᠭ᠃ ᠬᠤᠶᠠᠷ ᠬᠠᠳᠠᠪᠴᠢ ᠶᠢᠨ ᠪᠦᠭᠦᠷᠭᠡ ᠲᠠᠢ ᠨᠡᠶᠢᠯᠡᠬᠦ ᠬᠡᠰᠡᠭ ᠤᠨ ᠬᠤᠭᠤᠷᠤᠨᠳᠤᠬᠢ ᠵᠠᠢ ᠨᠢ ᠡᠮᠦᠨ᠎ᠡ ᠲᠠᠯ᠎ᠠ ᠳᠠᠭᠠᠨ 10cm ᠣᠷᠴᠢᠮ᠂ ᠠᠷᠤ ᠲᠠᠯ᠎ᠠ ᠨᠢ 11 cm ᠣᠷᠴᠢᠮ᠂ ᠪᠦᠭᠦᠷᠭᠡ ᠶᠢᠨ ᠬᠤᠩᠬᠤᠷ ᠤᠨ ᠭᠦᠨ 6 cm᠂ ᠬᠠᠳᠠᠪᠴᠢ ᠶᠢᠨ ᠭᠠᠳᠠᠷ ᠢᠷᠮᠡᠭ ᠤᠨ ᠵᠠᠢ ᠨᠢ ᠡᠮᠦᠨ᠎ᠡ ᠲᠠᠯ᠎ᠠ ᠳᠠᠭᠠᠨ 25cm᠂ ᠠᠷᠤ ᠲᠠᠯ᠎ᠠ ᠳᠠᠭᠠᠨ 29 cm ᠣᠷᠴᠢᠮ ᠪᠠᠶᠢᠳᠠᠭ᠃ ᠬᠠᠲᠠᠪᠴᠢᠨ ᠤ ᠬᠤᠶᠠᠷ ᠪᠦᠭᠦᠷᠭᠡ ᠶᠢᠨ ᠳᠤᠮᠳᠠᠬᠢ ᠬᠡᠰᠡᠭ ᠨᠢ ᠵᠤᠵᠠᠭᠠᠨ᠂ ᠬᠤᠶᠠᠷ ᠪᠦᠭᠦᠷᠭᠡ ᠲᠠᠢ ᠵᠠᠯᠭᠠᠬᠤ ᠬᠡᠰᠡᠭ ᠢ ᠨᠢᠮᠭᠡᠨ ᠪᠤᠯᠭᠠᠵᠤ᠂ ᠱᠠᠭᠠᠨᠳᠠᠭ ᠢᠶᠠᠷ ᠬᠠᠳᠠᠨ ᠲᠣᠭᠲᠠᠭᠠᠵᠤ ᠪᠤᠯᠢᠭᠠᠷᠢ ᠪᠠᠷ ᠴᠠᠪᠠᠤᠳᠠᠨ ᠬᠤᠯᠳᠠᠨ᠎ᠠ᠃           ᠳᠠᠷᠬᠠᠨ ᠡᠮᠡᠭᠡᠯ ᠤᠨ ᠪᠦᠭᠦᠷᠭᠡ ᠮᠣᠳᠣ ᠶᠢ ᠡᠶᠢᠨ ᠬᠦ᠋ ᠪᠦᠷᠢᠯᠳᠦᠭᠦᠯᠦᠭᠰᠡᠨ ᠤ ᠳᠠᠷᠠᠭ᠎ᠠ᠂ ᠲᠡᠭᠦᠨ ᠤ ᠳᠡᠭᠡᠷ᠎ᠡ ᠭᠠᠨᠵᠤᠭ᠎ᠠ ᠲᠠᠲᠠᠬᠤ ᠨᠦᠬᠡ ᠶᠢ ᠡᠮᠦᠨ᠎ᠡ ᠬᠤᠶᠢᠨ᠎ᠠ ᠳᠤᠰᠪᠤᠷᠢ ᠴᠤᠭᠤᠯᠵᠤ᠂ ᠠᠷᠪᠠ᠂ ᠠᠷᠪᠠᠨ ᠨᠠᠢᠮᠠᠨ ᠭᠠᠨᠵᠤᠭ᠎ᠠ  ᠶᠢ ᠰᠤᠷ ᠢᠶᠠᠷ ᠬᠢᠵᠦ ᠡᠮᠦᠨ᠎ᠡ ᠳᠥᠷᠪᠡ᠂ ᠬᠤᠶᠢᠨ᠎ᠠ ᠵᠢᠷᠭᠤᠭ᠎ᠠ ᠪᠤᠶᠤ ᠡᠮᠦᠨ᠎ᠡ ᠨᠠᠢᠮᠠ᠂ ᠬᠤᠶᠢᠨ᠎ᠠ ᠠᠷᠪᠠ ᠲᠠᠭᠠᠷᠠᠭᠤᠯᠵᠤ ᠲᠠᠲᠠᠳᠠᠭ᠃ ᠭᠠᠨᠵᠤᠭ᠎ᠠ ᠶᠢ ᠵᠢᠭᠳᠡ ᠰᠢᠭ ᠬᠢᠪᠡᠯ ᠡᠮᠡᠭᠡᠯ ᠤᠨ ᠥᠩᠭᠡ ᠦᠵᠡᠮᠵᠢ ᠶᠢ ᠭᠤᠶᠤ ᠪᠤᠯᠭᠠᠬᠤ ᠶᠢᠨ ᠬᠠᠮᠲᠤ ᠤᠯᠠᠨ ᠬᠡᠷᠡᠭᠴᠡᠭᠡᠨ ᠳᠤ ᠪᠠᠬᠢᠯᠢᠭ᠌ ᠪᠠᠶᠢᠳᠠᠭ᠃            ᠵᠥᠪ ᠲᠠᠯ᠎ᠠ ᠶᠢᠨ ᠡᠮᠦᠨ᠎ᠡ ᠭᠠᠨᠵᠤᠭ᠎ᠠ ᠠᠴᠠ ᠲᠠᠰᠢᠭᠤᠷ᠂ ᠵᠢᠯᠣᠭᠤ ᠪᠠᠨ ᠤᠶᠠᠬᠤ᠂ ᠠᠷᠤ ᠬᠤᠶᠠᠷ ᠭᠠᠨᠵᠤᠭ᠎ᠠ ᠪᠠᠷ ᠠᠴᠢᠶ᠎ᠠ ᠰᠠᠪᠠ᠂ ᠳ᠋ᠠᠯᠢᠶᠠᠷ ᠳᠠᠷᠤᠭᠤᠯᠬᠤ᠂ ᠪᠤᠷᠤᠭᠤ ᠲᠠᠯ᠎ᠠ ᠶᠢᠨ ᠠᠷᠤ ᠭᠠᠨᠵᠤᠭᠠᠨ ᠠᠴᠠ ᠴᠢᠳᠦᠷ  ᠤᠨ ᠲᠠᠲᠠᠭᠠᠰᠤ᠂ ᠳᠡᠭᠡᠰᠦ ᠨᠣᠭᠲᠣ ᠵᠡᠷᠭᠡ ᠶᠢ ᠤᠶᠠᠬᠤ ᠵᠡᠷᠭᠡ ᠪᠠᠷ ᠬᠡᠷᠡᠭᠯᠡᠨ᠎ᠡ᠃ ᠡᠮᠨᠢᠭ ᠰᠤᠷᠭᠠᠬᠤ ᠳᠤ ᠴᠤ ᠭᠠᠨᠵᠤᠭ᠎ᠠ ᠣᠨᠴᠠ ᠶᠢᠨ ᠶᠡᠭᠡ ᠲᠤᠰᠠᠲᠠᠢ᠃           ᠬᠠᠲᠠᠪᠴᠢᠨ ᠤ ᠭᠠᠳᠠᠷ ᠢᠷᠮᠡᠭ ᠠᠴᠠ ᠳᠣᠲᠣᠭᠰᠢ 3 cm ᠤᠨ ᠣᠷᠴᠢᠮ ᠤᠷᠳᠤ ᠳᠥᠷᠪᠡᠯᠵᠢᠨ ᠨᠦᠬᠡ ᠭᠠᠷᠭᠠᠵᠤ᠂ ᠲᠡᠭᠦᠨ ᠠᠴᠠ ᠳᠥᠷᠥᠭᠡᠨ ᠰᠤᠷ ᠬᠤᠯᠪᠣᠵᠤ᠂ ᠲᠦᠷᠦᠭᠡ ᠪᠠᠨ ᠳᠡᠭᠦᠵᠢᠯᠡᠨ᠎ᠡ᠃ ᠪᠦᠭᠦᠷᠭᠡ ᠶᠢᠨ ᠳᠣᠲᠣᠷ ᠲᠠᠯ᠎ᠠ ᠳᠤ ᠳᠣᠣᠷᠠᠳᠤ ᠦᠵᠦᠭᠦᠷ ᠠᠴᠠ ᠳᠡᠭᠡᠭᠰᠢ 3.5cm ᠤᠨ ᠣᠷᠴᠢᠮ ᠡᠮᠦᠨ᠎ᠡ ᠬᠤᠶᠢᠨ᠎ᠠ ᠪᠦᠭᠦᠷᠭᠡ ᠳᠤᠰᠪᠤᠷᠢ  ᠶᠢᠨ ᠬᠤᠶᠠᠷ ᠲᠠᠯ᠎ᠠ ᠳᠤ ᠨᠢᠭᠡ ᠨᠦᠬᠡ ᠭᠠᠷᠭᠠᠵᠤ᠂ ᠣᠯᠣᠩ ᠵᠢᠷᠢᠮ ᠤᠨ ᠤᠭᠰᠠᠭ᠎ᠠ ︵ᠪᠠᠰᠠ ᠤᠭᠴᠤᠷᠭ᠎ᠠ ᠭᠡᠵᠦ ᠨᠡᠷᠡᠯᠡᠳᠡᠭ︶ ᠲᠠᠲᠠᠨ᠎ᠠ᠃ ᠡᠮᠡᠭᠡᠯ ᠤᠨ ᠰᠠᠭᠤᠳᠠᠯ ᠤᠨ ᠭᠤᠣᠯ ᠲᠥᠪ ᠲᠤ ᠳᠥᠷᠪᠡᠯᠵᠢᠨ ᠳᠦᠷᠰᠦ ᠪᠦᠬᠦᠢ ᠳᠦᠷᠪᠠᠨ ᠨᠦᠬᠡ ᠴᠤᠭᠤᠯᠵᠤ ᠳᠠᠷᠤᠯᠭ᠎ᠠ ᠲᠠᠲᠠᠬᠤ ᠳᠤ ᠬᠡᠷᠡᠭᠯᠡᠨ᠎ᠡ᠃      ᠳᠠᠷᠤᠯᠭ᠎ᠠ ᠪᠠᠭᠠᠪᠤᠷ᠄ ᠡᠮᠡᠭᠡᠯ ᠤᠨ ᠰᠠᠭᠤᠳᠠᠯ ᠳᠤ ᠳᠡᠪᠰᠡ ᠶᠢ ᠳᠠᠷᠤᠭᠤᠯᠵᠤ ᠬᠢᠬᠦ ᠳᠠᠪᠠᠭ ᠢ ᠳᠠᠷᠤᠯᠭ᠎ᠠ  ᠭᠡᠨ᠎ᠡ᠃ ᠳᠠᠷᠤᠯᠭ᠎ᠠ ᠶᠢ ᠮᠥᠩᠭᠦ᠂ ᠭᠠᠤᠯᠢ᠂ ᠵᠢᠩ ᠲᠠᠢ ᠯᠠᠨ ᠪᠤᠶᠤ ᠴᠠᠶᠢᠷ ᠢᠶᠠᠷ ᠴᠢᠳᠬᠤᠨ ᠬᠢᠳᠡᠭ᠃ ᠡᠷᠪᠡᠬᠡᠢ᠂ ᠪᠠᠳᠮ᠎ᠠ ᠯᠢᠩᠬᠤᠸ᠎ᠠ ᠴᠡᠴᠡᠭ᠂ ᠪᠠᠭᠪᠠᠭ᠋ᠠᠢ ᠵᠡᠷᠭᠡ ᠬᠡ ᠤᠷᠠᠯᠠᠯ ᠲᠠᠢ᠃ ᠬᠠᠮᠤᠭ ᠡᠩ ᠤᠨ ᠳᠠᠷᠤᠯᠭ᠎ᠠ ᠴᠣ᠋ ᠭᠡᠳ ᠮᠥᠩᠭᠦᠨ ᠵᠣᠭᠤᠰ ᠮᠡᠲᠦ ᠲᠣᠭᠤᠷᠢᠭ ᠬᠢᠴᠡ ᠲᠠᠢ ᠪᠠᠶᠢᠳᠠᠭ᠃           ᠡᠮᠡᠭᠡᠯ ᠤᠨ ᠬᠠᠲᠠᠪᠴᠢᠨ ᠤ ᠬᠤᠶᠢᠲᠤ ᠬᠡᠰᠡᠭ ᠲᠤ ᠭᠠᠨᠵᠤᠭ᠎ᠠ ᠬᠤᠳᠠᠷᠭᠠᠨ ᠤ ᠤᠭ ᠲᠤ ᠬᠠᠳᠬᠤᠬᠤ ᠭᠤᠶᠤ ᠬᠢᠴᠡ ᠲᠠᠢ ᠴᠢᠮᠡᠭ ᠢ ᠪᠠᠭᠠᠪᠤᠷ ᠭᠡᠳᠡᠭ᠃ ᠪᠠᠭᠠᠪᠤᠷ ᠢ ᠮᠥᠩᠭᠦ᠂ ᠭᠠᠤᠯᠢ᠂ ᠲᠡᠮᠦᠷ᠂ ᠴᠠᠶᠢᠷ ᠢᠶᠠᠷ ᠤᠷᠠᠯᠠᠳᠠᠭ᠃           ᠳᠠᠷᠬᠠᠨ ᠡᠮᠡᠭᠡᠯ ᠤᠨ ᠮᠣᠳᠣ ᠶᠢ ᠤᠯᠠᠭᠠᠨ ᠰᠢᠷᠭᠠᠯ ᠥᠩᠭᠡ ᠪᠠᠷ ᠰᠢᠷᠳᠡᠳᠡᠭ ᠨᠢ ᠤᠯᠠᠨ᠃ ᠮᠢᠩᠭ᠎ᠠ ᠶᠢᠰᠦᠨ ᠵᠠᠭᠤ ᠳᠠᠪᠢᠭᠠᠳ ᠣᠨ ᠤ ᠦᠶᠡᠰ ᠢᠶᠠᠷ ᠡᠬᠢᠯᠡᠵᠦ ᠳᠠᠷᠬᠠᠨ ᠨᠤᠲᠤᠭ ᠲᠤ ᠮᠠᠶᠤᠤᠵᠠ ᠬᠡᠷᠡᠭᠯᠡᠬᠦ ᠪᠤᠯᠵᠤᠥ᠂ ᠲᠡᠭᠦᠨ  ᠠᠴᠠ ᠡᠮᠦᠨ᠎ᠡ ᠴᠡᠮᠪᠡᠨ ᠳᠡᠪᠰᠡ ᠭᠡᠵᠦ ᠬᠡᠷᠡᠭᠯᠡᠳᠡᠭ᠃ ᠴᠡᠮᠪᠡᠨ ᠳᠡᠪᠰᠡ ᠭᠡᠵᠦ ᠠᠷᠠᠰᠤᠨ ᠬᠤᠯᠳᠠᠭᠠᠰᠤ ᠶᠢᠨ ᠳᠡᠭᠡᠷ᠎ᠡ ᠢᠰᠡᠭᠡᠢ ᠶᠢ ᠨᠢᠮᠭᠡᠯᠡᠵᠦ ᠴᠡᠮᠪᠡᠨ ᠲᠣᠷᠭ᠎ᠠ ᠪᠠᠷ ᠥᠩᠭᠡᠯᠡᠭᠡᠳ ᠬᠢᠷ᠎ᠠ ᠶᠢᠨ ᠳᠣᠲᠣᠷ ᠢᠷᠮᠡᠭ ᠲᠠᠢ ᠵᠡᠷᠭᠡᠴᠡᠭᠦᠯᠦᠨ ᠪᠠᠶᠢᠵᠤ ᠪᠦᠷᠢᠨ ᠨᠠᠭᠠᠵᠤ ᠳᠠᠷᠤᠯᠭ᠎ᠠ ᠪᠠᠷ ᠳᠠᠷᠤᠬᠤ ᠶᠢ ᠬᠡᠯᠡᠨ᠎ᠡ᠃ ᠮᠠᠶᠤᠤᠵᠠ ᠶᠢ ᠪᠠᠰᠠ ᠣᠯᠣᠩᠴᠤᠭ ᠮᠠᠶᠤᠤᠵᠠ ᠭᠡᠳᠡᠭ᠃ ᠮᠠᠶᠤᠤᠵᠠ ᠬᠢᠭᠰᠡᠨ ᠡᠮᠡᠭᠡᠯ ᠳᠤ ᠬᠥᠮᠥᠨ ᠰᠠᠭᠤᠬᠤ ᠳᠤ ᠨᠤᠬᠤᠬᠤ ᠦᠭᠡᠢ᠂ ᠬᠤᠯᠭᠤᠬᠤ ᠦᠭᠡᠢ ᠵᠥᠭᠡᠯᠡᠨ ᠪᠠᠶᠢᠳᠠᠭ ᠣᠨᠴᠠᠯᠢᠭ ᠲᠠᠢ᠃           ᠵᠢᠷᠠᠭᠠᠳ ᠣᠨ ᠠᠴᠠ ᠡᠬᠢᠯᠡᠵᠦ ᠬᠠᠶᠢᠷᠴᠠᠭ ᠤᠭᠠᠯᠵᠠ ᠲᠠᠢ᠂ ᠳᠤᠭᠤᠢ ᠭᠠᠨᠵᠤᠭᠠᠨ ᠰᠦᠪᠡᠭᠴᠢ ᠬᠡᠷᠡᠭᠯᠡᠬᠦ ᠪᠣᠯᠵᠤ᠂ ᠱᠠᠩᠺᠸᠤ ᠭᠥᠯᠢᠮ ᠲᠠᠭᠠᠷᠠᠭᠤᠯᠵᠤ ᠡᠳ᠋ᠯᠡᠳᠡᠭ ᠪᠠᠶᠢᠭᠰᠠᠨ᠃         ᠬᠢᠷ᠎ᠠ ᠶᠢ ᠮᠥᠩᠭᠦ᠂ ᠭᠠᠤᠯᠢ᠂ ᠴᠠᠶᠢᠷ ᠵᠡᠷᠭᠡ ᠲᠡᠮᠦᠷᠯᠢᠭ ᠢᠶᠠᠷ ᠡᠮᠡᠭᠡᠯ ᠤᠨ ᠪᠦᠭᠦᠷᠭᠡ ᠶᠢᠨ ᠢᠷᠮᠡᠭ ᠢ ᠳᠠᠷᠤᠭᠤᠯᠵᠤ ᠬᠢᠪᠡᠯ ᠪᠦᠬᠡ ᠪᠤᠯᠬᠤ ᠮᠥᠷᠲᠡᠭᠡᠨ ᠶᠠᠩᠵᠤᠯᠢᠭ ᠪᠠᠶᠢᠳᠠᠭ᠃ ᠵᠠᠷᠢᠮ ᠭᠠᠵᠠᠷ ᠲᠡᠮᠡᠭᠡᠨ ᠶᠠᠰᠤ ᠪᠠᠷ ᠴᠤ ᠬᠢᠷ᠎ᠠ ᠬᠢᠵᠦ᠂ ᠠᠯᠤᠬ᠎ᠠ ᠬᠡ᠂ ᠤᠭᠠᠯᠵᠠ ᠬᠡ ᠵᠡᠷᠭᠡ ᠶᠢ ᠰᠡᠶᠢᠯᠵᠤ ᠤᠷᠠᠯᠠᠳᠠᠭ᠃          ᠭ᠊‍ᠥ᠋ᠯᠢᠮ ᠪᠣᠯ ᠳᠥᠷᠥᠭᠡᠨ ᠰᠤᠷ ᠮᠣᠷᠢᠨ ᠤ ᠭᠡᠳᠡᠰᠦ ᠶᠢ ᠬᠤᠯᠭᠤᠬᠤ ᠪᠤᠶᠤ ᠮᠣᠷᠢᠨ ᠤ ᠬᠥᠯᠥᠰᠦᠨ ᠳᠤ ᠬᠤᠪᠴᠠᠰᠤ ᠬᠤᠬᠢᠷᠳᠤᠬᠤ ᠵᠡᠷᠭᠡ ᠠᠴᠠ ᠰᠡᠷᠭᠡᠶᠢᠯᠡᠬᠦ ᠶᠢᠨ ᠲᠤᠯᠠᠳᠠ ᠬᠢᠭᠰᠡᠨ ᠡᠮᠡᠭᠡᠯ ᠤᠨ ᠬᠡᠷᠡᠭᠰᠡᠯ᠃ ᠭᠥᠯᠢᠮ ᠢ ᠲᠣᠬᠤᠮ ᠤᠨ ᠳᠡᠭᠡᠷ᠎ᠡ᠂ ᠡᠮᠡᠭᠡᠯ ᠤᠨ ᠮᠣᠳᠣᠨ ᠤ ᠳᠣᠣᠷ᠎ᠠ ᠲᠠᠭᠠᠷᠠᠭᠤᠯᠳᠠᠭ᠃ ᠠᠷᠠᠰᠤ᠂ ᠰᠢᠷᠢ᠂ ᠪᠤᠯᠢᠭᠠᠷᠢ᠂ ᠬᠡᠪᠢᠰ ᠵᠡᠷᠭᠡ ᠪᠠᠷ ᠬᠢᠳᠡᠭ᠃ ᠡᠳ᠋ᠯᠡᠭᠡᠨ ᠤ ᠬᠤᠪᠢ ᠳᠤ ᠰᠢᠷᠢ᠂ ᠪᠤᠯᠢᠭᠠᠷᠢ ᠭᠥᠯᠢᠮ ᠪᠦᠬᠡ ᠪᠠᠶᠢᠳᠠᠭ᠃          ᠲᠣᠬᠤᠮ ᠢ ᠨᠢ ᠭᠤᠣᠯᠳᠠᠭᠤ ᠵᠤᠵᠠᠭᠠᠨ ᠢᠰᠡᠭᠡᠢ ᠪᠠᠷ ᠬᠢᠵᠦ᠂ ᠮᠣᠷᠢᠨ ᠳᠤ ᠡᠮᠡᠭᠡᠯ ᠳᠤᠬᠤᠬᠤ ᠳᠤ ᠬᠠᠳᠠᠪᠴᠢ ᠮᠣᠳᠣ ᠨᠢ ᠮᠣᠷᠢᠨ ᠨᠢᠷᠤᠭᠤ ᠶᠢ ᠬᠤᠯᠭᠤᠬᠤ ᠠᠴᠠ ᠰᠡᠷᠭᠡᠶᠢᠯᠡᠬᠦ ᠪᠤᠦᠤ ᠮᠣᠷᠢᠨ ᠨᠢᠷᠤᠭᠤᠨ ᠤ ᠬᠥᠯᠥᠰᠦ ᠶᠢ ᠰᠢᠩᠭᠡᠬᠦ  ᠳᠤ ᠵᠣᠷᠢᠭᠤᠯᠤᠨ᠎ᠠ᠃ ᠲᠣᠬᠤᠮ ᠢ ᠬᠢᠬᠦ ᠳᠡᠭᠡᠨ ᠡᠮᠦᠨ᠎ᠡ ᠢᠷᠮᠡᠭ ᠢ ᠬᠤᠶᠢᠲᠤ ᠢᠷᠮᠡᠭ ᠠᠴᠠ ᠪᠠᠨ ᠪᠠᠭ᠎ᠠ ᠵᠤᠵᠠᠭᠠᠨ ᠪᠠᠶᠢᠯᠭᠠᠵᠤ᠂ ᠡᠮᠡᠭᠡᠯ ᠤᠨ ᠮᠣᠷᠢᠨ ᠨᠢᠷᠤᠭᠤᠨ ᠳᠠᠬᠢ ᠲᠣᠭᠲᠠᠪᠤᠷᠢ ᠶᠢ ᠪᠠᠲᠤ ᠪᠠᠶᠢᠯᠭᠠᠳᠠᠭ᠃          ᠬᠠᠷᠠᠪᠴᠢ ᠪᠣᠯ ᠬᠥᠯ ᠬᠤᠯᠭᠤᠬᠤ ᠠᠴᠠ ᠰᠡᠷᠭᠡᠶᠢᠯᠡᠨ ᠳᠥᠷᠥᠭᠡᠨ ᠰᠤᠷ ᠢ ᠳᠠᠷᠤᠬᠤ ᠳᠤ ᠪᠡᠯᠡᠳᠬᠡᠭᠰᠡᠨ ᠵᠦᠢᠯ᠃ ᠴᠠᠬᠠᠷᠴᠤᠳ ᠬᠠᠪᠴᠢᠭ ᠭᠡᠨ᠎ᠡ᠂ ᠪᠠᠰᠠ ᠳᠡᠪᠢᠰᠬᠡᠷ ᠭᠡᠨ᠎ᠡ᠃ ᠭᠥᠯᠢᠮ ᠲᠠᠢ ᠠᠳᠠᠯᠢ ᠬᠡᠪᠢᠰ᠂ ᠪᠤᠯᠢᠭᠠᠷᠢ᠂ ᠰᠢᠷᠢ ᠪᠠᠷ ᠬᠢᠳᠡᠭ᠃           ᠣᠯᠣᠩ ᠢ ᠠᠳᠤᠭᠤᠨ ᠤ ᠬᠥᠭᠡᠪᠤᠷ᠂ ᠲᠡᠮᠡᠭᠡᠨ ᠨᠣᠣᠰᠣ ᠪᠠᠷ ᠲᠣᠮᠣᠵᠤ᠂ ᠲᠡᠭᠦᠨ ᠢᠶᠠᠨ ᠳᠥᠷᠪᠡ ᠪᠤᠶᠤ ᠵᠢᠷᠭᠤᠭ᠎ᠠ ᠪᠠᠷ ᠡᠩᠨᠡᠭᠦᠯᠦᠨ ᠰᠢᠷᠠᠵᠤ ᠬᠢᠨ᠎ᠡ᠃ ᠰᠠᠶᠢᠨ ᠰᠤᠷ ᠢ ᠵᠦᠰᠦᠵᠦ ᠰᠦᠯᠵᠢᠨ ᠬᠢᠭᠰᠡᠨ ᠣᠯᠣᠩ ᠢ ᠰᠢᠷᠢᠮᠡᠯ ᠣᠯᠣᠩ᠃ ︵ᠥᠪᠥᠷ ᠮᠣᠩᠭᠤᠯᠴᠤᠳ ᠰᠤᠷ ᠣᠯᠣᠩ ᠬᠡᠳᠡᠭ︶᠃ ᠣᠯᠣᠩ ᠢ ᠮᠣᠷᠢᠨ ᠤ ᠪᠤᠷᠤᠭᠤ ᠲᠠᠯ᠎ᠠ ᠶᠢᠨ ᠡᠮᠡᠭᠡᠯ ᠤᠨ ᠡᠮᠦᠨ᠎ᠡ ᠬᠤᠶᠢᠲᠤ ᠤᠭᠰᠠᠭ᠎ᠠ ᠠᠴᠠ ᠲᠤᠰᠪᠤᠷᠢ ᠨᠢᠭᠡ ᠵᠠᠩᠭᠢᠳᠴᠤ᠂ ᠮᠣᠷᠢᠨ ᠴᠡᠭᠡᠵᠢ ᠪᠠ ᠴᠠᠪᠢ ᠶᠢᠨ ᠡᠮᠦᠨᠡᠭᠦᠷ ᠲᠠᠲᠠᠵᠤ᠂ ᠵᠥᠪ ᠲᠠᠯ᠎ᠠ ᠶᠢᠨ ᠬᠤᠶᠠᠷ ᠵᠢᠷᠢᠮ ᠢ ᠣᠯᠣᠩ ᠤᠨ ᠠᠷᠠᠯ ᠳᠤ ᠰᠢᠷᠭᠤᠭᠤᠯᠵᠤ ᠲᠠᠲᠠᠵᠤ ᠴᠢᠩᠭᠠᠯᠠᠨ᠎ᠠ᠃           ᠵᠢᠷᠢᠮ ᠢ ᠨᠠᠷᠢᠮ ᠰᠤᠷ ᠢᠶᠠᠷ ᠳᠥᠷᠪᠡᠯᠵᠢᠯᠡᠨ ᠡᠬᠢᠯᠡᠵᠦ᠂ ᠵᠥᠪ ᠲᠠᠯ᠎ᠠ ᠶᠢᠨ ᠡᠮᠦᠨ᠎ᠡ ᠬᠤᠶᠢᠨ᠎ᠠ ᠤᠭᠰᠠᠭ᠎ᠠ  ᠠᠴᠠ ᠳᠤᠰᠪᠤᠷᠢ ᠨᠢᠭᠡ ᠵᠠᠩᠭᠢᠳᠴᠤ᠂ ᠲᠡᠭᠦᠨ ᠤ ᠳᠡᠭᠡᠭᠦᠷ ᠬᠠᠷᠠᠪᠴᠢ ᠪᠠᠷ ᠳᠠᠷᠤᠨ᠎ᠠ᠃           ᠮᠣᠩᠭᠤᠯᠴᠤᠳ ᠤᠨ ᠲᠦᠷᠦᠭᠡ ᠶᠢ ᠡᠩ ᠤᠨ ᠬᠡᠷᠡᠭᠴᠡᠭᠡᠨ ᠤ ᠲᠦᠷᠦᠭᠡ᠂ ᠨᠠᠶᠢᠷ ᠨᠠᠭᠠᠳᠤᠮ ᠳᠤ ᠬᠡᠷᠡᠭᠯᠡᠬᠦ ᠲᠦᠷᠦᠭᠡ ᠭᠡᠵᠦ ᠬᠤᠶᠠᠷ ᠬᠤᠪᠢᠶᠠᠳᠠᠭ᠃ ᠡᠩ ᠤᠨ ᠬᠡᠷᠡᠭᠴᠡᠭᠡᠨ ᠤ ᠲᠦᠷᠦᠭᠡ ᠳᠤ ᠡᠷᠲᠡᠨ ᠤ ᠣᠪᠣᠭ ᠠᠶᠢᠮᠠᠭ ᠤᠨ ᠬᠢᠭᠰᠡᠨ ᠪᠦᠳᠦᠭᠦᠯᠢᠭ ᠳᠡᠭᠡᠰᠦᠨ ᠲᠦᠷᠦᠭᠡ᠂ ᠮᠣᠳᠣᠨ ᠲᠦᠷᠦᠭᠡ᠂ ᠶᠠᠰᠤ᠂ ᠡᠪᠡᠷ ᠲᠦᠷᠦᠭᠡ ᠪᠠᠶᠢᠳᠠᠭ ᠠᠴᠠ ᠡᠩ  ᠤᠨ ᠲᠡᠮᠦᠷ ᠲᠦᠷᠦᠭᠡ᠂ ᠭᠠᠤᠯᠢᠨ ᠲᠦᠷᠦᠭᠡ᠂ ᠰᠠᠪᠬ᠎ᠠ ᠲᠡᠮᠦᠷ ᠢᠶᠠᠷ ᠬᠢᠭᠰᠡᠨ ᠬᠠᠪᠢᠷᠭᠠᠨ ᠲᠦᠷᠦᠭᠡ ᠶᠢ ᠭᠤᠣᠯ ᠤᠷᠤᠯᠳᠤᠭᠠᠨ ᠳᠤ ᠬᠡᠷᠡᠭᠯᠡᠳᠡᠭ᠃           ᠲᠦᠷᠦᠭᠡ᠄ ᠰᠡᠨᠵᠢ ︵ᠰᠤᠷ ᠤᠨ ᠰᠦᠪᠡ︶᠂ ᠬᠠᠪᠢᠷᠭ᠎ᠠ ︵ᠴᠠᠭᠠᠷᠢᠭ︶᠂ ᠳᠥᠷᠥᠭᠡᠨ ᠲᠣᠯᠢ ︵ᠲᠠᠪᠠᠭ︶᠂ ᠳᠥᠷᠥᠭᠡᠨ ᠤ ᠵᠠᠭ᠎ᠠ ︵ᠳᠡᠭᠡᠳᠦ ᠤᠭᠠᠯᠵᠠ︶ ᠠᠴᠠ ᠪᠦᠷᠢᠯᠳᠦᠳᠡᠭ᠃ ᠲᠦᠷᠦᠭᠡ ᠶᠢ ᠳᠥᠷᠥᠭᠡᠨ ᠰᠤᠷ ᠲᠤ ᠡᠯᠭᠦᠵᠦ᠂ ᠤᠨᠤᠭᠠᠴᠢ ᠥᠪᠡᠷ ᠤᠨ ᠨᠢᠷᠤᠭᠤ᠂ ᠬᠥᠯ ᠤᠨ ᠡᠪ ᠢᠶᠠᠷ ᠲᠡᠩᠴᠡᠭᠦᠯᠦᠨ ᠤᠷᠳᠤ ᠶᠢ ᠲᠣᠭᠲᠠᠭᠠᠳᠠᠭ᠃
 
ᠢᠷᠡᠯᠲᠡ᠄ ᠲᠠᠷᠬᠠᠨ ᠮᠤᠤᠮᠢᠩᠭᠠᠨ ᠬᠤᠯᠪᠣᠭᠠᠲᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号