ᠪᠢ ᠡᠨᠡ ᠨᠤᠲᠤᠭ ᠢ ᠵᠣᠷᠢᠨ ᠢᠷᠡᠬᠦ ᠳᠤ ᠨᠠᠮᠤᠷ ᠤᠨ ᠰᠡᠬᠦᠯ ᠰᠠᠷ᠎ᠠ ᠪᠣᠯᠵᠤ ᠪᠠᠶᠢᠯ᠎ᠠ᠃ ᠲᠡᠷᠭᠡᠨ ᠴᠣᠩᠬᠤ ᠪᠠᠷ | ᠭᠠᠳᠠᠭᠰᠢ ᠬᠠᠷᠠᠬᠤ ᠳᠤ ᠵᠢᠭᠠᠰᠤᠲᠠᠢ ᠨᠠᠭᠤᠷ ᠤᠨ ᠰᠢᠪᠠᠭᠤᠳ ᠪᠣᠯᠪᠠᠤ︖ ᠮᠣᠳᠣᠲᠤ ᠬᠤᠸᠠ ᠶᠢᠨ ᠣᠷᠣᠢ ᠪᠠᠷ | ᠳᠡᠪᠳᠡᠷᠢᠨ ᠨᠢᠰᠦᠭᠰᠡᠨ ᠤᠯᠠᠨ ᠰᠢᠪᠠᠭᠤᠳ ᠣᠭᠲᠠᠷᠭᠤᠢ ᠶᠢᠨ ᠴᠡᠭᠡᠯ ᠢᠶᠠᠷ ᠵᠡᠯᠡᠯᠡᠨ ᠠᠯᠤᠰ ᠢ ᠴᠢᠭᠯᠡᠬᠦ ᠨᠢ ᠳᠠᠩᠴᠤ | ᠤᠶᠠᠷᠠᠯᠲᠠᠢ ᠰᠠᠨᠠᠭᠳᠠᠵᠤ ᠰᠡᠳᠬᠢᠯ ᠰᠣᠨᠢᠬᠠᠨ ᠭᠤᠨᠢᠭᠯᠠᠪᠠ᠃ ᠤᠬᠢᠯᠠᠮᠠᠷ ᠪᠣᠯᠤᠭᠰᠠᠨ ᠪᠣᠯᠬᠤᠷ ᠬᠤᠷᠳᠤᠬᠠᠨ ᠥᠭᠡᠷ᠎ᠡ | ᠲᠠᠰᠢ ᠪᠠᠨ ᠬᠠᠷᠠᠯ᠎ᠠ᠃ ᠭᠡᠲᠡᠯ᠎ᠡ ᠬᠠᠷᠠᠭᠰᠠᠨ ᠵᠦᠭ ᠲᠤ ᠮᠠᠨᠢ ᠵᠢᠭᠠᠰᠤᠲᠠᠢ ᠨᠠᠭᠤᠷ ᠲᠠᠷᠡᠳᠬᠡᠨ ᠳᠣᠣᠷ᠎ᠠ ᠡᠵᠡᠭᠦᠶᠢᠷᠡᠨ | ᠴᠡᠩᠬᠡᠷᠯᠡᠵᠦ ᠰᠢᠪᠠᠭᠤᠳ ᠤᠨ ᠢᠶᠠᠨ ᠬᠤᠶᠢᠨ᠎ᠠ ᠠᠴᠠ ᠮᠡᠯᠡᠷᠡᠨ ᠮᠡᠯᠮᠡᠷᠡᠬᠦ ᠰᠢᠭ ᠦᠵᠡᠭᠳᠡᠯ᠎ᠡ᠃ ᠨᠢᠯᠪᠤᠰᠤ ᠥᠪᠡᠷ ᠤᠨ | ᠡᠷᠬᠡ ᠦᠭᠡᠢ ᠁ ᠨᠥᠬᠦᠷ ᠮᠠᠨᠢ ᠲᠡᠷᠭᠡ ᠪᠠᠨ ᠵᠣᠭᠰᠣᠭᠠᠵᠤ ᠨᠢᠭᠡ ᠭᠤᠳᠣᠯᠢ ᠲᠠᠮᠠᠬᠢ ᠠᠰᠠᠭᠠᠨ ᠬᠦᠴᠦᠲᠡᠢ | ᠬᠦᠴᠦᠲᠡᠢ ᠰᠤᠷᠤᠭᠰᠠᠭᠠᠷ ᠨᠠᠰᠢ ᠴᠠᠰᠢ ᠠᠯᠬᠤᠨ᠎ᠠ᠂ ᠲᠠᠬᠢᠨ ᠲᠡᠷᠭᠡᠨ ᠳᠣᠲᠣᠷ᠎ᠠ ᠪᠠᠨ ᠣᠷᠣᠵᠤ ᠰᠠᠭᠤᠭᠰᠠᠨ ᠢᠶᠠᠨ | ︽ᠪᠤᠴᠠᠨ᠎ᠠ ᠤᠤ︖︾ ᠭᠡᠯᠡ᠃ | ᠵᠢᠭᠠᠰᠤᠲᠠᠢ ᠨᠠᠭᠤᠷ ᠪᠢᠳᠠ ᠬᠤᠶᠠᠷ ᠭᠠᠭᠴᠠᠭᠠᠷᠳᠠᠯ ᠪᠠ ᠡᠯᠦᠢ ᠬᠤᠯᠤᠢ ᠶᠢᠨ ᠳᠤᠮᠳᠠ ᠤᠶᠠᠰᠤᠨ ᠵᠣᠭᠰᠣᠨ᠎ᠠ᠃ | ᠤᠯᠠᠨ ᠰᠠᠶᠢᠬᠠᠨ ᠬᠡᠦᠬᠡᠳ ᠲᠦᠷᠦᠬᠦᠯᠦᠭᠰᠡᠨ ᠡᠵᠢ ᠮᠢᠨᠢ ᠬᠥᠭᠡᠷᠦᠬᠦᠢ ᠦᠰᠦᠨ ᠳᠡᠭᠡᠨ ᠳᠠᠷᠤᠭᠳᠠᠭᠰᠠᠨ ᠬᠥᠭᠰᠢᠨ | ᠪᠣᠯᠴᠢᠬᠠᠵᠠᠢ᠃ ᠣᠷᠴᠢᠮ ᠤᠨ ᠬᠡᠳᠦᠨ ᠵᠢᠯ ᠤᠬᠢᠯᠠᠬᠤ ᠴᠤ ᠰᠢᠭ᠋ ᠳᠠᠭᠤᠯᠠᠬᠤ ᠴᠦ ᠰᠢᠭ᠋ ᠭᠠᠩᠰᠠᠷᠠᠭᠠᠳ | ᠭᠡᠷ ᠠᠴᠠ ᠪᠠᠨ ᠭᠠᠷᠤᠭᠰᠠᠭᠠᠷ ︽ᠶᠠᠪᠤᠶ᠎ᠠ ᠪᠥᠭᠡᠷ᠎ᠡ︕ ᠶᠠᠪᠤᠶ᠎ᠠ ᠳ᠋ᠠ︕︾ ᠭᠡᠳ ᠲᠠᠶᠠᠭ ᠢᠶᠠᠨ ᠲᠤᠯᠤᠨ ᠵᠦᠭ ᠴᠢᠭ | ᠦᠭᠡᠢ ᠮᠠᠶᠢᠵᠢᠭᠴᠢᠬᠠᠨᠠ᠃ ︽ᠭᠡᠷ ᠲᠡᠭᠡᠨ ᠪᠠᠶᠢᠵᠤ ᠪᠠᠶᠢᠭᠠᠳ ᠬᠠᠮᠢᠭ᠎ᠠ ᠶᠠᠪᠤᠬᠤ ᠶᠤᠮ ᠪᠤᠢ ᠡᠵᠢ ᠠ᠋︕︾ | ᠭᠡᠬᠦ ᠪᠠᠷ ᠮᠥᠨ ᠯᠡ ︽ᠶᠠᠪᠤᠶ᠎ᠠ ᠪᠥᠭᠡᠷ᠎ᠡ ᠠ᠋᠂ ᠶᠠᠪᠤᠶ᠎ᠠ︕︾ ᠭᠡᠰᠡᠨ ᠦᠭᠡ ᠪᠠᠨ ᠨᠤᠷᠱᠤᠭᠠᠳ ᠨᠡᠩ ᠢᠯᠡᠭᠦᠦ | ᠤᠬᠢᠯᠠᠵᠤ ᠳᠠᠭᠤᠯᠠᠬᠤ ᠶᠢᠨ ᠬᠤᠭᠤᠷᠣᠨᠳᠤ ᠭᠠᠩᠰᠠᠷᠠᠨ᠎ᠠ᠃ ᠬᠡᠷᠡᠯ ᠨᠢ ᠬᠠᠷᠢᠭᠰᠠᠨ ᠨᠢᠳᠦ ᠨᠢ ᠴᠢᠬᠢᠭᠳᠡᠨ ᠪᠠᠶᠢᠳᠠᠭ ᠳ᠋ᠠ᠃ | | - ᠡᠵᠢ ᠮᠢᠨᠢ ᠬᠠᠮᠢᠭ᠎ᠠ ᠶᠠᠪᠤᠬᠤ ᠭᠡᠳ ᠪᠠᠶᠢᠳᠠᠭ ᠶᠤᠮ ᠪᠣᠯ ᠳ᠋ᠠ︕ ᠡᠯᠦᠨᠴᠡ ᠬᠤᠯᠤᠨᠴᠠ ᠪᠤᠯᠳᠠᠯ᠎ᠠ ᠡᠨᠡ | ᠨᠤᠲᠤᠭ᠂ ᠡᠨᠡ ᠭᠡᠷ ᠲᠤ ᠠᠮᠢᠳᠤᠷᠠᠭᠰᠠᠭᠠᠷ ᠢᠷᠡᠭᠰᠡᠨ ᠬᠥᠮᠥᠨ ᠳ᠋ᠠ᠃ ᠶᠡᠷᠦᠨᠢ ᠬᠠᠮᠢᠭ᠎ᠠ ᠶᠠᠪᠤᠬᠤ ᠭᠡᠳ ᠪᠠᠶᠢᠳᠠᠭ ᠪᠣᠯ︖ | - ᠢᠯᠡᠢ ᠬᠥᠭᠡᠷᠦᠬᠦᠢ︕ ᠰᠡᠳᠬᠢᠯ ᠬᠦᠨᠳᠦ ᠬᠥᠮᠥᠨ ᠠ᠋᠂ ᠰᠡᠳᠬᠢᠯ ᠬᠦᠨᠳᠦ ᠬᠥᠮᠥᠨ᠃ ᠡᠵᠢ ᠴᠢᠨᠢ | ᠲᠦᠷᠦᠭᠰᠡᠨ ᠨᠤᠲᠤᠭ ᠠᠴᠠ ᠪᠠᠨ ᠰᠠᠯᠵᠤ ᠭᠠᠷᠴᠤ ᠢᠷᠡᠭᠡᠳ ᠣᠨ ᠤᠳᠠᠵᠤ ᠳ᠋ᠠ ᠬᠥᠭᠡᠷᠦᠬᠦᠢ︕ ᠬᠥᠮᠥᠨ ᠤ | ᠬᠦᠢ ᠪᠠᠨ ᠪᠤᠯᠠᠭᠰᠠᠨ ᠨᠤᠲᠤᠭ ᠭᠡᠭᠴᠢ ᠡᠭᠦᠷᠢᠳᠡ ᠰᠡᠳᠬᠢᠯ ᠵᠢᠷᠦᠬᠡ ᠶᠢ ᠨᠢ ᠣᠭᠤᠰᠣᠷᠯᠠᠭᠠᠳ ᠪᠠᠶᠢᠳᠠᠭ ᠶᠤᠮ᠃ | ᠬᠥᠭᠡᠷᠦᠬᠦᠢ ᠴᠢᠨᠢ ᠨᠤᠲᠤᠭ ᠲᠠᠭᠠᠨ ᠨᠢᠭᠡ ᠬᠠᠷᠢᠬᠤ ᠶᠤᠮ ᠰᠠᠨ ᠭᠡᠵᠦ ᠪᠤᠳᠤᠭᠠᠳ ᠪᠤᠳᠤᠭᠠᠳ ᠪᠠᠶᠢᠭᠰᠠᠨ | ᠪᠤᠯᠤᠯᠳᠠᠢ᠃ ᠲᠡᠬᠡᠬᠦᠯᠠᠷ ᠰᠦᠨᠡᠰᠦ ᠨᠢ ᠨᠤᠲᠤᠭ ᠵᠦᠭ ᠢᠶᠠᠨ ᠶᠠᠪᠤᠭᠠᠳ ᠲᠦᠬᠡᠷᠡᠴᠢᠬᠡᠭᠰᠡᠨ ᠪᠠᠶᠢᠬᠤ ᠦᠭᠡᠢ ᠤᠤ︕ | ᠡᠵᠢ ᠴᠢᠨᠢ ᠬᠠᠮᠢᠶ᠎ᠠ ᠦᠭᠡᠢ ᠬᠠᠮᠢᠶ᠎ᠠ ᠦᠭᠡᠢ᠂ ᠰᠡᠳᠬᠢᠯ ᠨᠢ ᠵᠢᠭᠠᠬᠠᠨ ᠰᠢᠨᠠᠯᠡᠨᠡ ᠳ᠋ᠠ᠃ - ᠡᠵᠢ ᠮᠢᠨᠢ ᠡᠷᠡᠭᠦᠯ | ᠰᠠᠷᠠᠭᠤᠯ ᠪᠠᠶᠢᠲᠠᠯ᠎ᠠ ᠰᠦᠨᠡᠰᠦ ᠨᠢ ᠶᠠᠪᠤᠯ᠎ᠠ ᠬᠡᠳᠡᠭ ᠴᠢᠨᠢ︖ - ᠬᠥᠮᠥᠨ ᠤ ᠪᠡᠶ᠎ᠡ ᠳᠤ ᠭᠤᠷᠪᠠᠨ ᠰᠦᠨᠡᠰᠦ | ᠪᠠᠶᠢᠳᠠᠭ ᠶᠤᠮ ᠠ᠋ ᠬᠡᠦᠬᠡ᠃ - ᠨᠠᠰᠤ ᠶᠠᠪᠤᠭᠰᠠᠨ ᠡᠵᠢ ᠪᠠᠨ ᠵᠣᠪᠠᠭᠠᠭᠠᠳ ᠪᠠᠶᠢᠮᠠᠷ ᠦᠭᠡᠢ ᠪᠠᠶᠢᠨ᠎ᠠ ᠡᠪᠤᠸ᠋︕ | ᠶᠠᠭᠠᠬᠢᠳᠠᠭ ᠪᠢᠯᠡ︖ - ᠲᠠᠷᠠ ᠠᠮᠠᠷᠬᠠᠨ᠂ ᠮᠥᠷᠥᠭᠡᠳᠦᠯ ᠤᠨ ᠬᠦᠴᠦᠨ ᠢ ᠰᠡᠳᠬᠢᠯ ᠤᠨ ᠬᠦᠴᠦ ᠪᠠᠷ | ᠲᠠᠶᠢᠯᠤᠨ᠎ᠠ ᠳ᠋ᠠ᠃ ᠠ ᠲᠡᠶᠢᠮᠤ᠂ ᠬᠠᠮᠤᠭ ᠤᠨ ᠬᠠᠶᠢᠷᠠᠲᠠᠢ ᠬᠥᠮᠥᠰ ᠠᠴᠠ ᠨᠢ᠂ ᠵᠠ ᠪᠠᠶᠢᠵᠢ᠂ ᠦᠷ᠎ᠡ ᠬᠡᠦᠬᠡᠳ ᠠᠴᠠ ᠨᠢ | ᠠᠰᠲᠠᠭᠠᠨ ᠬᠠᠶᠢᠷᠠᠲᠠᠢ ᠬᠥᠮᠥᠨ ᠬᠡᠨ ᠪᠠᠶᠢᠬᠤ ᠪᠢᠯᠡ ᠳ᠋ᠧ᠃ ᠲᠡᠶᠢᠮᠤ ᠬᠡᠯᠡᠢ᠂ ᠬᠡᠦᠬᠡᠳ ᠠᠴᠠ ᠨᠢ ᠨᠢᠭᠡ ᠨᠢ | ᠡᠵᠢ ᠶᠢᠨ ᠢᠶᠠᠨ ᠨᠤᠲᠤᠭ ᠲᠤ ᠣᠴᠢᠭᠠᠳ ᠰᠠᠭᠤᠵᠤ ᠪᠠᠶᠢᠬᠤ ᠪᠠᠷ ᠡᠵᠢ ᠶᠢᠨ ᠴᠢᠨᠢ ᠰᠦᠨᠡᠰᠦ ᠲᠠᠭᠠᠭᠠᠳ | ᠢᠷᠡᠴᠢᠬᠡᠨ᠎ᠡ᠂ ᠢᠷᠡᠴᠢᠬᠡᠨ᠎ᠡ᠃ - ᠡᠪᠤᠸ᠋᠂ ᠴᠢᠩᠭᠢᠭᠡᠳ ᠁ - ᠰᠦᠵᠢᠭ ᠰᠦᠰᠦᠭ ᠪᠠᠶᠢᠬᠤ ᠪᠠᠷ ᠠᠯᠢᠪᠠ | ᠴᠢᠨᠢ ᠪᠦᠷ ᠪᠡᠶᠡᠯᠡᠭᠳᠡᠬᠦ ᠶᠤᠮ ᠭᠠᠶᠢᠭᠤᠢ ᠭᠠᠶᠢᠭᠤᠢ᠂ ᠬᠠᠷᠢᠨ ᠭᠤᠷᠪᠠᠨ ᠵᠢᠯ ᠰᠠᠭᠤᠨ᠎ᠠ ᠰᠢᠤ᠃ | ᠨᠠᠷᠠᠨ ᠰᠦᠮᠪᠦᠷᠢᠳᠤ ᠨᠤᠲᠤᠭ ᠤᠨ ᠮᠢᠨᠢ ᠠᠯᠳᠠᠷᠲᠤ ᠪᠦᠬᠡ ᠡᠪᠤᠸ᠋ ᠶᠢᠨ ᠳᠡᠷᠭᠡᠳᠡ ᠠᠴᠠ ᠠᠮᠢᠳᠤᠷᠠᠯ ᠤᠨ ᠡᠯ᠎ᠡ | ᠬᠠᠯᠠ ᠳᠤ ᠡᠷᠡᠦ ᠨᠢ ᠡᠪᠦᠳᠦᠭ ᠲᠡᠭᠡᠨ ᠲᠤᠯᠤᠭᠰᠠᠨ ᠡᠵᠢ ᠪᠠᠨ ᠲᠦᠰᠢᠭᠰᠡᠭᠡᠷ ᠭᠠᠷᠴᠤ ᠢᠷᠡᠬᠦ ᠳᠤ ᠡᠵᠢ ᠨᠢᠭᠡ | ᠳᠠᠭᠤᠤ ᠬᠡᠩᠰᠢᠬᠦ ᠰᠢᠤ ᠪᠣᠯᠪᠠ᠃ ᠣᠷᠴᠢᠮ ᠤᠨ ᠬᠡᠳᠦᠨ ᠵᠢᠯ ᠦᠭᠡ ᠵᠣᠭᠤᠭ ᠦᠭᠡᠢ ᠪᠣᠯᠴᠢᠬᠠᠵᠤ ᠳᠠᠩᠳᠠ ᠯᠡ ︽ | ᠶᠠᠪᠤᠶ᠎ᠠ ᠳ᠋ᠠ︾ ᠭᠡᠰᠡᠨ ᠦᠭᠡ ᠪᠠᠨ ᠠᠬᠢᠨ ᠲᠠᠬᠢᠨ ᠳᠠᠪᠲᠠᠳᠠᠭ ᠡᠵᠢ ᠭᠡᠨᠡᠳᠲᠡ ᠨᠢᠭᠡ ᠳᠠᠭᠤᠤ ᠬᠡᠩᠰᠢᠬᠦ ᠰᠢᠭ | ᠪᠣᠯᠤᠭᠰᠠᠨ ᠰᠠᠶᠢᠬᠠᠨ ᠴᠢᠩᠬᠢᠨᠠᠪᠠᠯ᠄ | ᠨᠠᠮᠤᠭ ᠴᠡᠭᠡᠯ ᠤᠨ ᠪᠤᠷᠭᠠᠰᠤ ᠨᠢ | ᠨᠠᠮᠠᠭᠠᠨ ᠵᠦᠭ ᠢᠶᠠᠨ ᠨᠠᠶᠢᠭᠤᠭᠠᠨ ᠲᠠᠢ | ᠨᠠᠰᠤᠨ ᠪᠠᠭ᠎ᠠ ᠪᠥᠭᠡᠷ᠎ᠡ ᠶᠢ ᠪᠠᠨ | ᠨᠠᠰᠤᠨ ᠤ ᠵᠡᠷᠭᠡ ᠳᠤ ᠬᠦᠷᠭᠡᠯ᠎ᠡ ᠳ᠋ᠧ ᠭᠡᠵᠦ ᠪᠠᠶᠢᠨ᠎ᠠ᠃ ᠮᠠᠨ ᠢ ᠲᠦᠬᠦᠬᠡ ᠣᠷᠣᠬᠤ ᠠᠴᠠ ᠯᠠ ᠡᠨᠡ ᠭᠤᠣᠯ ᠢ | ᠥᠭᠰᠥᠨ ᠤᠷᠤᠭᠤᠳᠠᠨ ᠪᠥᠭᠴᠥᠭᠡᠨᠡᠵᠦ ᠶᠠᠪᠤᠬᠤ ᠳᠠᠭᠠᠨ ᠭᠠᠭᠴᠠ ᠳᠠᠭᠤᠯᠠᠳᠠᠭ ᠳᠠᠭᠤᠤ ᠪᠠᠨ ᠳᠠᠭᠤᠯᠠᠵᠤ ᠪᠠᠶᠢᠬᠤ | ᠶᠤᠮ᠃ | ᠡᠵᠢ ᠮᠢᠨᠢ ᠠᠷᠪᠠᠨ ᠵᠢᠷᠭᠤᠭᠠᠲᠠᠢ ᠠᠪᠤ ᠳᠤ ᠮᠣᠷᠳᠠᠵᠤ ᠢᠷᠡᠯ᠎ᠡ ᠭᠡᠰᠡᠨ ᠳ᠋ᠠ᠃ ᠢᠩᠭᠢᠬᠦᠯᠡᠷ ᠶᠠᠭ ᠪᠦᠬᠦᠯᠢ | ᠨᠠᠶᠠᠨ ᠵᠢᠯ ᠨᠤᠲᠤᠭ ᠲᠠᠭᠠᠨ ᠣᠴᠢᠭ᠎ᠠ ᠦᠭᠡᠢ ᠰᠠᠨᠵᠠᠢ᠃ ᠨᠠᠶᠠᠨ ᠵᠢᠯ ᠨᠤᠲᠤᠭ ᠤᠰᠤ ᠳᠤᠷᠠᠰᠤᠨ ᠮᠥᠷᠥᠭᠡᠳᠴᠦ | ᠠᠮᠢᠳᠤᠷᠠᠨ᠎ᠠ ᠬᠡᠳᠡᠭ ᠶᠠᠮᠠᠷᠬᠠᠨ ᠬᠦᠨᠳᠦ ᠰᠡᠳᠬᠢᠯ ᠪᠢᠯᠡ︕ ᠨᠠᠶᠠᠨ ᠵᠢᠯ᠂ ᠨᠠᠶᠠᠨ ᠵᠢᠯ ᠁ ᠭᠡᠨᠡᠳᠲᠡ | ᠵᠢᠭᠠᠰᠤᠲᠠᠢ ᠨᠠᠭᠤᠷ ᠠᠴᠠ ᠰᠡᠷᠢᠭᠦᠨ ᠰᠠᠯᠬᠢ ᠰᠡᠩᠭᠢ ᠬᠢᠨ ᠠᠷᠴᠠ ᠽᠠᠨᠳᠠᠨ ᠤ ᠦᠨᠦᠷ ᠬᠠᠩᠬᠤᠯᠤᠭᠰᠠᠨ | ᠰᠢᠤ ᠪᠣᠯᠣᠭᠠᠳ ᠰᠤᠭᠤᠨᠠᠭ ᠴᠠᠭᠠᠨ ᠬᠡᠷᠡᠯ ᠰᠠᠴᠤᠷᠠᠨ ᠲᠡᠷᠲᠡᠭᠡᠬᠢ ᠬᠠᠪᠢᠷᠠᠭ᠎ᠠ ᠬᠤᠸᠠ ᠬᠦᠷᠳᠠᠯ᠎ᠠ ᠭᠡᠶᠢᠭᠡᠳ | ᠶᠠᠪᠤᠴᠢᠬᠠᠯ᠎ᠠ᠃ ᠴᠢᠩᠭᠢᠬᠦ ᠪᠠᠷ ︽ᠨᠠᠮᠤᠭ ᠴᠡᠭᠡᠯ ᠤᠨ ᠪᠤᠷᠭᠠᠰᠤ ᠨᠢ ᠶᠠ ᠁︾ ᠭᠡᠰᠡᠨ ᠤᠷᠳᠤ ᠶᠢᠨ ᠲᠠᠭᠤᠨ ᠤ | ᠳᠤᠮᠳᠠᠭᠤᠷ ᠦᠬᠡᠷ ᠲᠡᠷᠭᠡ ᠴᠤᠪᠤᠷᠠᠯᠳᠤᠨ ᠬᠠᠪᠢᠷᠠᠭ᠎ᠠ ᠬᠤᠸᠠ ᠶᠢᠨ ᠡᠩᠭᠡᠷ ᠰᠢᠷᠡᠭᠡ ᠠᠶᠢᠯ ᠤᠨ ᠬᠠᠵᠠᠭᠤ ᠪᠠᠷ | ᠴᠢᠨ᠋ᠸ᠎ᠠ ᠶᠢᠨ ᠭᠤᠣᠯ ᠢ ᠭᠠᠲᠤᠯᠤᠨ ᠠᠷᠪᠠᠨ ᠵᠢᠷᠭᠤᠭᠠᠲᠠᠢ ᠡᠵᠢ ᠶᠢ ᠮᠢᠨᠢ ᠬᠠᠷᠢ ᠳᠤ ᠮᠣᠷᠳᠠᠭᠤᠯᠵᠤ ᠶᠠᠪᠤᠭ᠎ᠠ ᠨᠢ | ᠬᠠᠷᠠᠭᠳᠠᠯ᠎ᠠ᠃ ᠲᠡᠷᠡ ᠬᠦ ᠤᠷᠳᠤ ᠶᠢᠨ ᠰᠠᠶᠢᠬᠠᠨ ᠠᠶᠠᠰ ᠤᠨ ᠳᠤᠮᠳᠠ ᠬᠤᠶᠠᠷ ᠪᠡᠷᠭᠡᠨ ᠤ ᠪᠠᠨ ᠬᠠᠮᠲᠤ ᠤᠶᠠᠷᠠᠭᠰᠠᠭᠠᠷ | ᠶᠠᠪᠤᠬᠤ ᠡᠵᠢ ᠠᠩᠬ᠎ᠠ ᠤᠳᠠᠭ᠎ᠠ ᠡᠵᠢ ᠶᠢᠨ ᠢᠶᠠᠨ ᠭᠡᠷ ᠠᠴᠠ ᠰᠠᠯᠵᠤ ᠭᠠᠷᠤᠭ᠎ᠠ ᠪᠢᠯᠡ᠃ | ᠁ ᠡᠵᠢ ᠠᠯᠲᠠᠢ ᠶᠢᠨ ᠮᠠᠩᠬ᠎ᠠ ᠶᠢᠨ ᠬᠤᠷᠮᠣᠢ ᠬᠦᠷᠴᠦ ᠢᠷᠡᠭᠡᠳ ᠬᠠᠷᠠᠭᠠᠨ ᠲᠠᠯᠳᠠ ᠣᠷᠣᠮᠠᠷ | ᠪᠠᠶᠢᠬᠤ ᠲᠦᠷᠦᠭᠰᠡᠨ ᠨᠤᠲᠤᠭ ᠢᠶᠠᠨ ᠰᠡᠳᠬᠢᠯ ᠵᠢᠷᠦᠬᠡᠨ ᠳᠡᠭᠡᠨ ᠰᠢᠩᠭᠡᠵᠦ ᠠᠪᠤᠶ᠎ᠠ ᠭᠡᠰᠡᠨ ᠰᠢᠭ ᠦᠬᠡᠷ ᠲᠡᠷᠭᠡᠨ ᠤ | ᠪᠦᠬᠡᠭ ᠠᠴᠠ ᠪᠠᠨ ᠲᠣᠯᠣᠭᠠᠢ ᠪᠠᠨ ᠭᠠᠷᠭᠠᠨ ᠬᠤᠶᠢᠰᠢ ᠪᠠᠨ ᠤᠳᠠᠲᠠᠯ᠎ᠠ ᠬᠠᠷᠠᠯ᠎ᠠ ᠁ ᠬᠤᠨᠲᠣᠨ ᠴᠠᠮᠴᠠ | ᠡᠮᠦᠰᠦᠭᠡᠳ ᠥᠨᠳᠥᠷ ᠬᠠᠷ᠎ᠠ ᠬᠡᠭᠡᠷ ᠮᠣᠷᠢ ᠣᠨᠣᠭᠰᠠᠨ ᠡᠵᠢ ᠶᠢᠨ ᠴᠡᠴᠡᠭ ᠤᠨ ᠬᠡ ᠲᠠᠢ ᠨᠠᠰᠤ ᠲᠡᠨᠳᠡ ᠬᠠᠷᠠᠭᠳᠠᠵᠤ | ᠪᠠᠶᠢᠨ᠎ᠠ᠃ ᠮᠢᠨᠤ ᠡᠵᠢ ᠠᠯᠲᠠᠩᠬᠸ᠎ᠠ ᠭᠡᠰᠡᠨ ᠨᠡᠷ᠎ᠡ ᠲᠠᠢ᠃ ᠡᠵᠢ ᠶᠢᠨ ᠡᠵᠢ ᠠᠩᠬᠢᠯᠤᠮ᠎ᠠ ᠦᠨᠦᠷᠲᠦ ᠠᠯᠲᠠᠩᠬᠸ᠎ᠠ | ᠴᠡᠴᠡᠭ ᠢᠶᠠᠷ ᠬᠤᠴᠢᠯᠭ᠎ᠠ ᠪᠣᠯᠭᠠᠨ ᠡᠪᠬᠡᠵᠦ᠂ ᠰᠢᠭᠦᠳᠡᠷᠢᠲᠦ ᠲᠠᠯ᠎ᠠ ᠶᠢᠨ ᠨᠣᠶᠢᠲᠠᠨ ᠬᠥᠬᠡ ᠴᠢᠯᠠᠭᠤ ᠪᠠᠷ ᠬᠦᠢ ᠶᠢ ᠨᠢ | ᠳᠠᠷᠤᠵᠤ ᠲᠠᠯᠪᠢᠬᠤ ᠳᠠᠭᠠᠨ ︽ᠶᠠᠮᠠᠷ ᠪᠤᠶᠠᠨᠲᠤ ᠥᠬᠢᠨ ᠪᠤᠢ︕ ᠴᠢ᠃ ᠮᠥᠨ ᠠᠯᠲᠠᠩᠬᠸ᠎ᠠ ᠴᠡᠴᠡᠭ ᠰᠢᠤ ᠭᠡᠷᠡᠯᠲᠡᠢ | ᠶᠠᠪᠤᠨ᠎ᠠ ᠠ᠋︾ ᠭᠡᠵᠦ ᠰᠢᠪᠡᠨᠡᠭᠰᠡᠨ ᠭᠡᠰᠡᠨ᠃ | ᠮᠠᠯᠴᠢᠨ ᠬᠥᠮᠥᠨ ᠤ ᠵᠢᠷᠭᠠᠯ ᠭᠡᠵᠦ ᠡᠪᠡᠰᠦᠨ ᠤ ᠦᠨᠦᠷ ᠠᠩᠬᠢᠯᠤᠮ᠎ᠠ ᠵᠠᠳᠠᠷᠠᠬᠤ ᠡᠭᠡᠷᠡᠮ᠎ᠡ ᠬᠥᠳᠡᠭᠡ ᠶᠢᠨ | ᠡᠯᠢᠭᠡᠨ ᠳᠤ ᠪᠠᠶᠢᠳᠠᠭ᠃ ᠪᠠᠶᠢᠭᠠᠯᠢ ᠬᠤᠷᠸ᠎ᠠ ᠶᠢᠨ ᠦᠵᠡᠰᠬᠦᠯᠡᠩ ᠲᠠᠩᠰᠤᠭ ᠢ ᠭᠠᠶᠢᠬᠠᠭᠤᠯᠤᠭᠰᠠᠨ ᠵᠡᠷᠭᠡᠯᠭᠡᠨᠲᠦ | ᠭᠤᠪᠢ ᠮᠠᠩᠬ᠎ᠠ᠂ ᠬᠤᠯᠪᠤᠭ᠎ᠠ ᠠᠭᠤᠯᠠ ᠶᠢᠨ ᠬᠤᠯᠨ ᠶᠢᠨ ᠪᠠᠷ᠎ᠠ ᠵᠦᠮᠪᠦᠷᠢᠳᠡᠭᠡᠳ ᠠᠭᠤᠵᠢᠮ ᠠᠴᠠ ᠠᠭᠤᠵᠢᠮ | ᠰᠠᠴᠢ ᠶᠢᠨ ᠲᠠᠯ᠎ᠠ ᠪᠠᠨ ᠤᠯᠠᠮ ᠠᠩᠬᠢᠯᠤᠮ᠎ᠠ ᠰᠠᠶᠢᠬᠠᠨ ᠪᠠᠳᠠᠷᠠᠭᠠᠭᠰᠠᠨ ᠠᠯᠲᠠᠩᠬᠸ᠎ᠠ ᠴᠡᠴᠡᠭ ᠤᠨ ᠳᠤᠮᠳᠠᠭᠤᠷ | ᠬᠦᠳᠡᠯᠮᠦᠷᠢᠴᠢ ᠬᠥᠮᠥᠨ ᠤ ᠪᠠᠭ᠋ᠠᠷᠬᠠᠯ ᠪᠣᠯᠤᠭᠰᠠᠨ ᠤᠯᠠᠨ ᠰᠠᠶᠢᠬᠠᠨ ᠬᠤᠨᠢᠳ ᠢᠶᠠᠨ ᠬᠠᠷᠢᠭᠤᠨ ᠶᠠᠪᠤᠨ᠎ᠠ ᠡᠵᠢ᠃ | ᠬᠤᠨᠢᠳ ᠭᠡᠬᠦ ᠠᠴᠠ ᠳ᠋ᠧ᠂ ᠪᠠᠶᠠᠨᠰᠢᠯᠢ ᠲᠠᠭᠠᠵᠦ ᠪᠡᠯᠴᠢᠭᠰᠡᠨ ᠵᠡᠭᠡᠷ᠎ᠡ ᠭᠤᠷ᠎ᠠ ᠴᠦ ᠢᠳᠡᠰᠢᠯᠡᠭᠰᠡᠭᠡᠷ ᠲᠡᠳᠡᠭᠡᠷ ᠬᠤᠨᠢᠨ | ᠰᠦᠷᠦᠭ ᠲᠠᠢ ᠨᠡᠶᠢᠯᠡᠨ᠂ ᠰᠠᠷᠠᠭᠤᠯ ᠭᠠᠩᠭᠠᠨ ᠰᠠᠴᠢ ᠶᠢᠨ ᠲᠠᠯ᠎ᠠ ᠳᠤ ᠬᠤᠨᠢ᠂ ᠵᠡᠭᠡᠷ᠎ᠡ ᠠᠯᠢ ᠶᠢ ᠨᠢ ᠬᠠᠷᠢᠭᠤᠯᠵᠤ | ᠪᠠᠶᠢᠬᠤ ᠪᠠᠨ ᠦᠯᠦ ᠮᠡᠳᠡᠨ᠎ᠡ᠃ ᠠᠰᠤᠷᠤ ᠲᠣᠮᠣ ᠬᠤᠨᠢ ᠵᠡᠭᠡᠷ᠎ᠡ ᠶᠢᠨ ᠰᠦᠷᠦᠭ ᠰᠢᠮ᠎ᠡ ᠰᠢᠭᠦᠰᠦᠲᠦ ᠪᠡᠯᠴᠢᠭᠡᠷ | ᠲᠠᠭᠠᠵᠦ ᠠᠬᠢᠭᠠᠳ ᠯᠨ ᠪᠠᠶᠠᠨᠰᠢᠯᠢ ᠵᠦᠭ ᠡᠭᠦᠯᠡ ᠰᠢᠭ ᠨᠡᠭᠦᠭᠡᠳ ᠯᠡ᠃ | ᠰᠠᠴᠢ ᠶᠢᠨ ᠲᠠᠯ᠎ᠠ ᠠᠴᠠ ᠪᠠᠭ᠎ᠠ ᠪᠠᠷᠠᠭᠤᠨ ᠬᠤᠶᠢᠰᠢ ᠠᠭᠲᠠ ᠶᠢᠨ ᠬᠤᠸᠠ ᠶᠢᠨ ᠣᠷᠣᠢ ᠨᠠᠮᠬᠠᠨ ᠰᠤᠨᠢᠶᠠᠵᠤ᠂ | ᠬᠦᠯᠦᠭ ᠮᠣᠷᠢᠳ ᠤᠨ ᠲᠤᠭᠤᠷᠠᠢ ᠶᠢᠨ ᠡᠭᠡᠰᠢᠭᠯᠡᠩᠳᠤ ᠠᠶᠠᠯᠭᠤ ᠲᠤᠤᠨᠢᠨᠠ᠃ ᠲᠡᠨᠳᠡ ᠵᠡᠷᠭᠡᠯᠡᠳᠡᠭᠡ ᠬᠤᠳᠠ ᠶᠢᠨ | ᠠᠪᠠᠭ᠎ᠠ ᠮᠢᠨᠢ ᠰᠠᠰᠧᠷ ᠪᠠᠶᠠᠨ ᠤ ᠮᠢᠩᠭᠠᠨ ᠠᠳᠤᠭᠤ ᠶᠢ ᠠᠳᠤᠭᠤᠯᠤᠨ ᠢᠰᠬᠡᠷᠴᠢᠬᠡᠭᠰᠡᠨ ᠵᠢᠪᠬᠤᠭ᠎ᠠ ᠵᠣᠯᠪᠣᠭᠠᠲᠠᠢ | ᠠᠯᠤᠰ ᠢ ᠳᠤᠷᠠᠨᠳᠠᠨᠠ᠃ ᠲᠡᠭᠦᠨ ᠤ ᠭᠠᠭᠴᠠ ᠨᠢᠳᠦᠨ ᠲᠤᠷᠠᠨ ᠤ ᠬᠠᠷᠠᠭᠠᠨ ᠳᠤ ᠵᠢᠷᠦᠬᠡ ᠬᠠᠪᠲᠠᠭᠠᠢ ᠶᠢᠨ | ᠲᠡᠨᠳᠡ ᠠᠴᠠ ᠰᠡᠭᠦᠳᠡᠷ ᠠᠴᠠ ᠪᠠᠨ ᠨᠠᠳᠬᠤᠨ᠂ ᠰᠡᠬᠦᠯ ᠢᠶᠠᠷ ᠢᠶᠠᠨ ᠨᠠᠭᠠᠳᠤᠭᠰᠠᠭᠠᠷ ᠵᠢᠭᠦᠷ ᠲᠠᠢ ᠬᠤᠶᠠᠷ ᠰᠢᠪᠠᠭᠤᠨ | ᠰᠡᠷᠡᠯ ᠵᠢᠭᠠᠰᠤᠲᠠᠢ ᠨᠠᠭᠤᠷ ᠲᠤ ᠢᠷᠡᠵᠦ ᠤᠮᠳᠠᠯᠠᠬᠤ ᠭᠠᠶᠢᠬᠠᠮᠰᠢᠭᠲᠤ ᠦᠵᠡᠭᠳᠡᠯ ᠲᠣᠳᠣᠷᠠᠨ᠎ᠠ᠃ ᠡᠨᠡᠬᠦ ᠰᠣᠨᠢᠨ | ᠭᠠᠩᠭᠠᠩ ᠵᠢᠭᠦᠷ ᠲᠠᠢ ᠬᠤᠶᠠᠷ ᠰᠢᠪᠠᠭᠤᠨ ᠰᠡᠷᠡᠯ ᠲᠡᠭᠷᠢ ᠠᠭᠤᠯᠠ ᠶᠢᠨ ᠣᠷᠣᠢ ᠳᠡᠭᠡᠷ᠎ᠡ ᠰᠠᠭᠤᠷᠢᠰᠢᠭ᠎ᠠ ᠡᠯᠳᠡᠪ | ᠵᠠᠬᠢᠷᠤᠭᠴᠢ ᠶᠢᠨ ᠬᠠᠶᠢᠷᠠᠲᠠᠢ ᠮᠣᠷᠢ ᠪᠤᠯᠬᠤ ᠪᠥᠭᠡᠳ ᠳᠠᠩᠳᠠ ᠯᠨ ᠰᠠᠰᠧᠷ ᠪᠠᠶᠠᠨ ᠤ ᠮᠢᠩᠭᠠᠨ ᠠᠳᠤᠭᠤ ᠲᠠᠢ | ᠢᠵᠢᠯᠳᠡᠨ ᠠᠭᠲᠠ ᠶᠢᠨ ᠬᠤᠸᠠ ᠶᠢᠨ ᠣᠷᠣᠢ ᠪᠠᠷ ᠪᠡᠯᠴᠢᠨ ᠪᠠᠶᠢᠳᠠᠭ ᠪᠦᠯᠦᠭᠡ᠃ ᠴᠢᠩᠭᠢᠬᠦᠯᠡᠷ ᠠᠳᠤᠭᠤᠴᠢᠨ | ᠬᠥᠮᠥᠨ ᠰᠠᠶᠢᠬᠠᠨ ᠮᠣᠷᠢᠳ ᠰᠠᠶᠢᠨ ᠠᠳᠤᠭᠤ ᠶᠢ ᠠᠳᠤᠭᠤᠯᠤᠨ ᠶᠠᠪᠤᠬᠤ ᠠᠴᠠ ᠢᠯᠡᠭᠦᠦ ᠵᠢᠷᠭᠠᠯ ᠬᠠᠮᠢᠭ᠎ᠠ ᠪᠠᠶᠢᠬᠤ | ᠪᠢᠯᠡ︕ ᠬᠡᠳᠦᠶᠢᠪᠡᠷ ᠥᠪᠡᠷ ᠤᠨ ᠬᠢᠨᠢ ᠪᠢᠰᠢ ᠴᠦ ᠭᠡᠰᠡᠨ ᠮᠠᠯᠴᠢᠨ ᠬᠥᠮᠥᠨ ᠪᠣᠯᠬᠤᠷ ᠨᠤᠲᠤᠭ ᠤᠨ ᠢᠶᠠᠨ ᠪᠠᠶᠠᠨ | ᠪᠤᠶᠠᠨ ᠢ ᠭᠠᠶᠢᠬᠠᠭᠤᠯᠤᠭᠰᠠᠨ ᠮᠠᠯ ᠠᠬᠤᠢ ᠳᠤ ᠬᠠᠶᠢᠷᠠᠲᠠᠢ ᠰᠡᠳᠬᠢᠯ ᠳᠡᠭᠡᠨ ᠡᠨᠡᠬᠦ ᠥᠨᠢᠷ ᠲᠠᠩᠰᠤᠭ ᠪᠦᠬᠦᠨ ᠢ | ᠪᠠᠭ᠋ᠠᠷᠬᠠᠬᠤ ᠦᠭᠡᠢ ᠪᠠᠶᠢᠬᠤ ᠶᠢᠨ ᠠᠷᠭ᠎ᠠ ᠦᠭᠡᠢ ᠰᠠᠨ︕ | ᠲᠡᠶᠢᠮᠤ ᠠ᠋︕ ᠠᠮᠢᠳᠤᠷᠠᠯ ᠤᠨ ᠤᠳᠬ᠎ᠠ ᠴᠢᠨᠠᠷ ᠢ ᠪᠠᠳᠠᠷᠠᠭᠠᠭᠰᠠᠨ ᠦᠯᠡᠮᠵᠢ ᠶᠢᠨ ᠲᠡᠭᠦᠯᠳᠡᠷ ᠠᠭᠲᠠ ᠶᠢᠨ | ᠬᠤᠸᠠ ᠶᠢᠨ ᠣᠷᠣᠢ ᠳᠡᠭᠡᠷ᠎ᠡ ᠠᠴᠠ ᠨᠠᠷᠠᠨ ᠤ ᠳᠣᠣᠷ᠎ᠠ᠂ ᠨᠠᠷᠠᠨ ᠤ ᠲᠤᠶᠠᠭ᠎ᠠ ᠰᠢᠭ᠋ ᠠᠯᠲᠠᠷᠬᠠᠤ ᠰᠠᠴᠢ ᠶᠢᠨ ᠲᠠᠯ᠎ᠠ ᠶᠢᠨ | ᠠᠯᠲᠠᠩᠬᠸ᠎ᠠ ᠴᠡᠴᠡᠭ᠂ ᠠᠯᠲᠠᠩᠬᠸ᠎ᠠ ᠴᠡᠴᠡᠭ ᠰᠢᠤ ᠭᠤᠶᠣᠬᠠᠨ ᠥᠬᠢᠨ ᠤ ᠤᠷᠳᠤ ᠬᠠᠷ᠎ᠠ ᠬᠡᠵᠢᠬᠡ ᠶᠢᠨ ᠨᠠᠮᠢᠷᠠᠭᠠᠨ ᠢ | ᠨᠡᠩ ᠢᠯᠡᠭᠦᠦ ᠳᠤᠷᠠᠨᠳᠠᠬᠤ ᠳᠤᠷᠠᠲᠠᠢ᠃ ᠲᠡᠭᠦᠨ ᠤ ᠠᠯᠲᠠᠩᠬᠸ᠎ᠠ ᠴᠡᠴᠡᠭ ᠢᠶᠠᠷ ᠬᠤᠴᠢᠵᠤ ᠰᠠᠴᠢ ᠶᠢᠨ ᠲᠠᠯ᠎ᠠ ᠠᠴᠠ | ᠲᠡᠪᠡᠷᠢᠵᠦ ᠢᠷᠡᠬᠦ ᠠᠴᠠ ᠠᠪᠤᠭᠠᠳ ᠠᠷᠪᠠᠨ ᠭᠤᠷᠪᠠᠨ ᠵᠢᠯ ᠤᠨ ᠲᠤᠷᠰᠢᠲᠠ ᠡᠪᠦᠳᠦᠭ ᠳᠡᠭᠡᠷ᠎ᠡ ᠪᠠᠨ ᠰᠠᠭᠤᠯᠭᠠᠵᠤ᠂ | ᠤᠢ ᠶᠢᠨ ᠬᠤᠷᠢᠮ ᠢ ᠬᠥᠭᠵᠢᠭᠡᠨ ᠤᠷᠳᠤ ᠶᠢᠨ ᠳᠠᠭᠤᠤ ᠡᠬᠡᠰᠢᠭ ᠠᠶᠠᠯᠭᠤ ᠪᠠᠷ ᠢᠶᠠᠨ ᠪᠠᠶᠢᠭᠠᠯᠢ ᠳᠡᠯᠡᠬᠡᠢ᠂ ᠬᠥᠮᠥᠨ | ᠠᠷᠠᠳ ᠢᠶᠠᠨ ᠤᠬᠠᠭᠠᠷᠠᠭᠤᠯᠤᠨ ᠤᠶᠠᠷᠠᠭᠤᠯᠵᠤ ᠬᠠᠶᠢᠷᠠᠬᠠᠨ ᠪᠠᠭ᠎ᠠ ᠥᠬᠢᠨ ᠢᠶᠠᠨ ᠬᠠᠶᠢᠷᠠᠯᠠᠨ ᠰᠠᠨᠠᠵᠤ ᠶᠠᠪᠤᠭᠰᠠᠨ | ᠪᠣᠯᠬᠤᠷ ᠡᠴᠢᠭᠡ ᠬᠥᠮᠥᠨ ᠤ ᠬᠠᠶᠢᠷ᠎ᠠ ᠪᠠᠷ ᠡᠩᠬᠦᠷᠡᠶᠢᠯᠡᠬᠦ ᠦᠭᠡᠢ ᠪᠠᠶᠢᠵᠤ ᠴᠢᠳᠠᠬᠤ ᠦᠭᠡᠢ᠃ ︽ᠥᠬᠢᠨ ᠬᠥᠮᠥᠨ | ᠨᠤᠲᠤᠭ ᠤᠨ ᠴᠢᠮᠡᠭ ᠶᠤᠮ ᠠ᠋︾ ᠭᠡᠵᠦ ᠶᠠᠷᠢᠬᠤ ᠦᠭᠡᠢ ᠪᠠᠶᠢᠬᠤ ᠶᠢᠨ ᠠᠷᠭ᠎ᠠ ᠦᠭᠡᠢ ᠰᠠᠨ᠃ | ᠲᠡᠭᠷᠢ ᠶᠢᠨ ᠬᠢᠵᠠᠭᠠᠷ ᠭᠠᠵᠠᠷ ᠤᠨ ᠬᠢᠯᠢ ᠠᠭᠤᠰᠤᠯᠳᠠᠭᠰᠠᠨ ᠭᠡᠮᠡᠷ ᠥᠷᠭᠡᠨ ᠠᠭᠤᠳᠠᠮ ᠨᠤᠲᠤᠭ ᠰᠢᠭ᠋ ᠢᠶᠠᠨ | ᠬᠥᠮᠥᠨ ᠠᠷᠠᠳ ᠨᠢ ᠴᠤ ᠤᠬᠠᠭ᠎ᠠ ᠲᠡᠨᠢᠭᠦᠨ ᠪᠤᠳᠤᠯ ᠭᠦᠨ ᠪᠠᠶᠢᠳᠠᠭ᠃ ᠨᠡᠩ ᠴᠤ ᠨᠤᠲᠤᠭ ᠨᠢ ᠭᠠᠩᠭᠠᠩ ᠪᠣᠯᠬᠤᠷ | ᠥᠬᠢᠳ ᠬᠥᠪᠡᠭᠦᠳ ᠨᠢ ᠬᠥᠭᠡᠷᠦᠬᠦᠨ ᠳᠡᠭᠵᠢᠨ ᠪᠠᠶᠢᠳᠠᠭ ᠠᠵᠢ᠃ ᠠᠵᠢᠯᠴᠢ ᠬᠦᠳᠡᠯᠮᠤᠷᠢᠴᠢ᠂ ᠲᠤᠰᠠᠮᠠᠷᠴᠢ ᠪᠠᠭ᠎ᠠ | ᠨᠠᠰᠤᠨ ᠤ ᠠᠯᠳᠠᠩᠬᠤᠸ᠎ᠠ ᠪᠠᠨ ᠠᠶᠢᠯ ᠭᠤᠣᠯ ᠢᠶᠠᠷ ᠢᠶᠠᠨ ᠪᠠᠭ᠋ᠠᠷᠬᠠᠨ ᠬᠠᠶᠢᠷᠠᠯᠠᠳᠠᠭ᠃ ᠬᠥᠮᠥᠨ ᠬᠥᠮᠥᠨ ᠤ ᠪᠠᠨ | ᠬᠠᠶᠢᠷᠠᠨ ᠳᠤ ᠬᠥᠮᠥᠵᠢᠵᠦ᠂ ᠶᠢᠷᠲᠢᠨᠴᠦ ᠶᠢᠨ ᠬᠡᠬᠡᠨ ᠰᠠᠷᠠᠭᠤᠯ ᠢ ᠬᠦᠰᠡᠨ ᠮᠥᠷᠥᠭᠡᠳᠴᠦ ᠶᠠᠪᠤᠳᠠᠭ ᠰᠠᠶᠢᠬᠠᠨ ᠠ᠋᠃ | | ᠠᠳᠤᠭᠤᠴᠢᠨ ᠠᠪᠠᠭ᠎ᠠ ᠨᠢ ᠥᠨᠥᠳᠥᠷ ︽ᠡᠨᠡ ᠮᠠᠭᠤ ᠰᠢᠷ᠎ᠠ ᠥᠬᠢᠨ ᠬᠠᠷᠠᠵᠤ ᠮᠡᠳᠡᠬᠦ ᠶᠢᠨ ᠵᠠᠪ ᠦᠭᠡᠢ ᠰᠤᠭᠤ | ᠥᠰᠦᠯ᠎ᠡ ᠰᠢᠤ᠃ ᠪᠠᠷᠤᠭ ᠮᠢᠨᠤ ᠬᠢᠷᠢ ᠥᠨᠳᠥᠷ ᠪᠣᠯᠴᠢᠬᠠᠬᠤ ᠠᠶᠠᠳᠠᠯ᠎ᠠ︾ ᠭᠡᠳ ᠥᠨᠳᠥᠷ ᠬᠡᠭᠡᠷ ᠮᠣᠷᠢᠨ | ᠳᠡᠭᠡᠷ᠎ᠡ ᠪᠠᠨ ᠪᠦᠰᠡᠲᠡᠢ ᠬᠡᠦᠬᠡᠳ ᠰᠢᠭ ᠳᠡᠭᠵᠢᠨ ᠶᠠᠪᠤᠭ᠎ᠠ ᠶᠢ ᠬᠠᠷᠠᠭᠠᠳ ︽ᠬᠡᠦᠬᠡᠳ ᠥᠰᠴᠦ ᠡᠪᠦᠭᠡᠳ ᠠᠪᠴᠢᠨ᠎ᠠ | ᠬᠡᠳᠡᠭ ᠪᠣᠯᠵᠤ ᠳ᠋ᠧ︾ ᠬᠡᠮᠡᠨ ᠳᠦᠳᠦᠨᠡᠨ᠎ᠡ᠃ ᠨᠢᠭᠡ ᠡᠳᠦᠷ ︽ᠠᠯᠲᠠᠩᠬᠸ᠎ᠠ ᠶᠢ ᠪᠡᠶ᠎ᠡ ᠲᠡᠩᠬᠡᠭᠡ ᠲᠠᠢ ᠳᠡᠭᠡᠷ᠎ᠡ ᠪᠠᠨ | ᠬᠥᠮᠥᠨ ᠲᠦᠰᠢᠭᠦᠯᠦᠶᠡ︕︾ ᠭᠡᠵᠦ ᠥᠲᠡᠯᠦᠭᠡᠳ ᠪᠡᠶ᠎ᠡ ᠪᠠᠷᠤᠭᠲᠠᠢ ᠪᠣᠯᠤᠭᠰᠠᠨ ᠡᠵᠢ ᠨᠢ ᠶᠠᠷᠢᠯ᠎ᠠ᠃ ᠢᠱᠢ | ᠬᠥᠭᠡᠷᠦᠬᠦᠢ ᠥᠬᠢᠨ ᠬᠥᠮᠥᠨ ᠤ ᠵᠠᠶᠠᠭ᠎ᠠ ᠬᠥᠮᠥᠨ ᠤ ᠡᠭᠦᠳᠡᠨ ᠳᠤ ᠠᠵᠢ᠃ ᠬᠥᠮᠥᠰ ᠶᠡᠷᠦᠨᠢ ᠥᠬᠢᠨ ᠬᠥᠮᠥᠨ ᠢ ︽ | ᠬᠠᠷᠢ ᠶᠢᠨ ᠬᠠᠳᠠᠭᠠᠰᠤ ᠬᠠᠨᠴᠤᠢ ᠶᠢᠨ ᠨᠥᠬᠦᠭᠡᠰᠦ ᠭᠡᠵᠦ ᠬᠡᠯᠡᠳᠡᠭ ᠪᠢᠯᠡ︕︾ ᠭᠡᠵᠦ ᠳᠦᠳᠦᠨᠡᠨ ᠰᠡᠮ | ᠰᠡᠭᠦᠷᠡᠰᠦᠯᠡᠪᠡ᠃ ᠡᠨᠡᠬᠦ ᠥᠷᠥ ᠬᠠᠶᠢᠷ᠎ᠠ ᠶᠢᠨ ᠰᠡᠭᠦᠷᠡᠰᠦᠨ ᠳᠤ ᠡᠭᠦᠯᠡᠨ ᠲᠣᠯᠣᠭᠠᠢ ᠳᠣᠭᠤᠭᠰᠢᠯᠠᠵᠤ ᠮᠠᠷ ᠮᠠᠷ | ᠰᠠᠯᠬᠢᠯᠠᠭᠰᠠᠨ ᠢᠶᠠᠨ ᠮᠦᠬᠦᠨ ᠪᠣᠷᠣᠭᠠᠨ ᠰᠡᠮᠡᠷᠡᠵᠡᠢ᠃ | ᠬᠥᠮᠥᠨ ᠪᠠᠶᠢᠭᠠᠯᠢ ᠶᠢᠨ ᠬᠦᠢ ᠲᠣᠭᠲᠠᠯᠴᠠᠭ᠎ᠠ ᠭᠡᠳᠡᠭ ᠡᠶᠢᠮᠦᠬᠡᠨ ᠪᠤᠯᠤᠯᠳᠠᠢ᠃ ᠬᠠᠪᠢᠷᠠᠭ᠎ᠠ ᠬᠤᠸᠠ ᠶᠢᠨ ᠬᠤᠪᠬᠢ | ᠪᠦᠬᠦᠨ ᠢ ᠨᠡᠪᠲᠡ ᠭᠡᠷᠡᠯᠳᠦᠬᠦᠯᠦᠨ ᠰᠠᠴᠤᠷᠠᠭᠰᠠᠨ ᠭᠡᠷᠡᠯ ᠠᠭᠠᠵᠢᠮ ᠢᠶᠠᠷ ᠲᠤᠨᠤᠭᠰᠡᠨ ᠢᠶᠠᠨ ᠨᠠᠮᠤᠷ ᠤᠨ | ᠰᠡᠭᠦᠯᠴᠢ ᠶᠢᠨ ᠮᠦᠬᠦᠨ ᠪᠣᠷᠣᠭᠠᠨ ᠵᠢᠭᠠᠰᠤᠲᠠᠢ ᠨᠠᠭᠤᠷ ᠪᠢᠳᠠ ᠬᠤᠶᠠᠷ ᠢ ᠰᠢᠪᠰᠢᠨ ᠱᠠᠭᠢᠯᠠ᠃ ᠶᠠᠭ ᠯᠨ ᠡᠵᠢ ᠶᠢᠨ | ᠮᠢᠨᠢ ᠨᠢᠭᠤᠵᠤ ᠣᠬᠢᠯᠠᠭᠰᠠᠨ ᠨᠢᠯᠪᠤᠰᠤ ᠰᠢᠰᠢ᠊ᠭ᠋ ᠰᠢᠭ ᠪᠤᠳᠤᠯ ᠢ ᠬᠦᠨᠳᠡᠨ ᠨᠠᠷᠢᠨ ᠨᠠᠷᠢᠨ ᠪᠣᠷᠣᠭᠠᠨ | ᠵᠦᠰᠡᠷᠡᠨ᠎ᠡ᠃ ᠪᠠᠰᠠ ᠵᠢᠭᠠᠰᠤᠲᠠᠢ ᠨᠠᠭᠤᠷ ᠤᠨ ᠤᠰᠤ ᠶᠢ ᠲᠣᠪᠰᠢᠨ ᠪᠠᠭᠤᠬᠤ ᠪᠣᠷᠣᠭᠠᠨ ᠤ ᠲᠠᠭᠤᠨ ᠬᠤᠶᠠᠭ | ᠡᠮᠦᠰᠬᠡᠯ ᠢᠶᠠᠨ ᠬᠡᠲᠦᠷᠡᠭᠰᠡᠨ ᠪᠦᠭᠡᠳᠡᠨ ᠡᠪᠦᠸ᠋ ᠶᠢᠨ ᠪᠦᠢᠪᠦᠷ ᠢᠶᠠᠷ ᠢᠶᠠᠨ ᠬᠢᠴᠡ ᠪᠠᠨ ᠳᠡᠯᠡᠳᠴᠦ ᠪᠦᠭᠡᠯᠡᠨ | ᠪᠥᠵᠢᠭᠯᠡᠭᠡ ᠲᠠᠭᠤᠨ ᠮᠡᠲᠦ᠃ | ᠬᠥᠮᠥᠨ ᠤ ᠤᠬᠠᠭᠠᠨ ᠬᠠᠶᠢᠷ᠎ᠠ᠂ ᠬᠦᠰᠡᠯ ᠮᠥᠷᠥᠭᠡᠳᠦᠯ᠂ ᠤᠶᠤᠨ ᠰᠦᠨᠡᠰᠦ ᠶᠢ ᠳᠠᠯᠠᠯᠤᠨ ᠲᠠᠯᠠᠯᠤᠬᠤ ᠮᠡᠲᠦ | ᠨᠠᠮᠤᠷ ᠤᠨ ᠰᠠᠯᠬᠢᠨ ᠤ ᠤᠶᠠᠩᠭ᠎ᠠ ᠳᠦᠷᠢᠯᠡᠭᠡ᠂ ᠡᠵᠢ ᠶᠢ ᠮᠢᠨᠢ ᠦᠷ᠎ᠡ ᠪᠠᠨ ᠰᠢᠭ ᠬᠠᠶᠢᠷᠠᠯᠠᠭᠰᠠᠨ ᠠᠳᠤᠭᠤᠴᠢᠨ ᠤ | ᠣᠮᠣᠭᠯᠠᠩ ᠢᠰᠬᠡᠷᠦᠯ᠂ ᠠᠭᠲᠠ ᠶᠢᠨ ᠬᠤᠸᠠ ᠶᠢᠨ ᠨᠠᠮᠬᠠᠨ ᠣᠷᠣᠢ ᠪᠠᠨ ᠪᠦᠷᠬᠦᠭᠰᠡᠨ ᠮᠢᠩᠭᠠᠨ ᠠᠳᠤᠭᠤᠨ ᠤ | ᠦᠦᠷᠰᠡᠯᠲᠡ ᠢᠨᠴᠠᠭᠠᠯᠳᠤᠨ ᠴᠤᠪᠬᠤᠴᠡᠨ ᠲᠦᠷᠬᠢᠯᠳᠦᠬᠦ ᠴᠢᠮᠡᠭᠡ ᠲᠠᠢ ᠬᠦᠭ ᠨᠡᠶᠢᠯᠡᠨ ᠠᠶᠠᠰᠠᠷᠠᠵᠦ | ᠮᠥᠷᠥᠭᠡᠳᠦᠯ ᠤᠨ ᠭᠦᠨ ᠵᠦᠭ ᠲᠤᠮᠤᠭ ᠦᠨᠡᠨ ᠢ ᠤᠴᠢᠷᠯᠠᠨ ᠤᠴᠢᠷᠯᠠᠬᠤ ᠮᠡᠲᠦ᠃ | ᠵᠡᠷᠭᠡᠯᠭᠡᠨ ᠲᠦᠬᠦᠯᠵᠢᠭᠰᠡᠨ ᠰᠢᠷᠭᠠᠯ ᠰᠠᠯᠬᠢ ᠡᠪᠡᠰᠦᠨ ᠲᠣᠯᠣᠭᠠᠢ ᠳᠡᠭᠡᠭᠦᠷ ᠠᠩᠬᠢᠯᠤᠮ᠎ᠠ ᠲᠤᠨᠤᠯᠵᠠᠭᠠᠳ | ᠰᠠᠴᠢ ᠶᠢᠨ ᠲᠠᠯ᠎ᠠ ᠠᠴᠠ ᠡᠭᠦᠷ ᠡᠭᠦᠷ ᠥᠨᠳᠡᠭᠡ ᠲᠡᠭᠳᠡᠭᠡᠢ ᠪᠠᠨ ᠳᠠᠭᠠᠭᠤᠯᠤᠨ ᠭᠠᠯᠠᠭᠤ ᠰᠢᠪᠠᠭᠤᠳ ᠮᠣᠳᠣᠲᠤ | ᠬᠤᠸᠠ ᠶᠢᠨ ᠣᠷᠣᠢ ᠵᠦᠭ ᠴᠥᠷᠬᠡᠯᠡᠯᠡ᠃ ᠤᠷᠳᠤ ᠤᠳᠠᠭᠠᠨ ᠣᠨ ᠵᠢᠯ ᠤᠳ ᠤᠨ ᠨᠠᠷᠠᠨ ᠰᠠᠷᠠᠨ ᠤ ᠭᠡᠷᠡᠯ ᠢ | ᠰᠢᠩᠭᠡᠭᠡᠵᠦ ᠨᠤᠲᠤᠭ ᠢᠶᠠᠨ ᠰᠠᠬᠢᠭ᠍ᠰᠡᠨ ᠬᠥᠬᠡ ᠴᠢᠯᠠᠭᠤ - ᠡᠵᠢ ᠶᠢᠨ ᠮᠢᠨᠢ ᠬᠦᠢ ᠶᠢ ᠳᠠᠷᠤᠭᠰᠠᠨ ᠬᠥᠬᠡ | ᠴᠢᠯᠠᠭᠤᠨ ᠠᠴᠠ ᠡᠵᠢ ᠶᠢᠨ ᠨᠢᠯᠬ᠎ᠠ ᠶᠢᠨ ᠦᠨᠦᠷ᠂ ᠨᠢᠯᠬ᠎ᠠ ᠶᠢᠨ ᠲᠠᠭᠤᠨ᠂ ᠢᠨᠢᠶᠡᠵᠦ ᠲᠣᠭᠯᠠᠵᠤ ᠶᠠᠪᠤᠭᠰᠠᠨ ᠪᠠᠭ᠎ᠠ | ᠨᠠᠰᠤᠨ ᠤ ᠬᠢᠨᠢ ᠪᠠᠶᠠᠷ ᠵᠢᠷᠭᠠᠯ ᠤᠨ ᠪᠦᠯᠢᠶᠡᠨ ᠠᠮᠢᠰᠬᠤᠭ᠎ᠠ ᠳᠠᠷᠭᠢᠯᠤᠨᠠ᠃ ᠪᠠᠰᠠ ᠡᠨᠡ ᠨᠤᠲᠤᠭ ᠤᠨ ᠬᠥᠮᠥᠨ | ᠵᠤᠨ ᠤ ᠭᠤᠯᠣᠮᠲᠠ ᠪᠠᠨ ᠪᠠᠳᠠᠷᠠᠭᠠᠭᠰᠠᠨ ᠠᠩᠬᠢᠯᠤᠭᠤᠨ ᠠᠮᠢᠳᠤᠷᠠᠯ ᠤᠨ ᠭᠡᠷᠡᠯ ᠭᠡᠭᠡ ᠰᠠᠴᠤᠷᠠᠨ ᠰᠠᠴᠤᠷᠠᠨ᠎ᠠ᠃ | ︽ᠲᠠᠪᠤ ᠶᠢᠰᠦ ᠳᠤ ᠬᠠᠯᠢᠶ᠎ᠠ ᠢᠷᠡᠵᠦ᠂ ᠵᠢᠷᠭᠤᠭ᠎ᠠ ᠶᠢᠰᠦ ᠳᠤ ᠰᠢᠪᠠᠭᠤᠳ ᠢᠷᠡᠨ᠎ᠡ︾ ᠬᠡᠮᠡᠨ ᠡᠪᠦᠭᠡᠳ | ᠬᠠᠭᠤᠴᠢᠯᠠᠳᠠᠭ ᠦᠨᠡᠨ ᠪᠠᠶᠢᠵᠤ ᠳ᠋ᠧ᠃ ᠡᠵᠢ ᠶᠢᠨ ᠭᠠᠩᠭᠠᠩ ᠰᠠᠶᠢᠬᠠᠨ ᠨᠤᠲᠤᠭ ᠤᠨ ᠨᠢᠭᠡᠨ ᠲᠤᠩᠭᠠᠯᠠᠭ ᠦᠷ ᠢᠶᠠᠷ | ᠤᠯᠠᠨ ᠰᠢᠪᠠᠭᠤᠳ ᠴᠡᠩᠬᠡᠷ ᠲᠡᠭᠷᠢ ᠶᠢᠨ ᠳᠣᠣᠭᠤᠷ ᠳᠠᠭᠤᠯᠠᠯᠳᠤᠭᠰᠠᠭᠠᠷ ᠨᠢᠰᠴᠦ ᠢᠷᠡᠨᠡᠮ᠃ ᠠ ᠳ᠋ᠠ᠂ ᠬᠠᠷᠠᠭᠠᠴᠢ︕ | ᠲᠡᠷᠨ ᠢᠷᠡᠬᠦ ᠤᠯᠠᠨ ᠰᠢᠪᠠᠭᠤᠳ ᠲᠠᠢ ᠬᠠᠮᠲᠤ ᠵᠢᠭᠦᠷ ᠲᠠᠢ ᠬᠤᠶᠠᠷ ᠰᠢᠪᠠᠭᠤᠨ ᠰᠡᠷᠡᠯ ᠢ ᠬᠦᠯᠦᠭᠯᠡᠭᠡᠳ ᠡᠵᠢ ᠮᠢᠨᠢ | ᠴᠦ ᠰᠠᠯᠤᠭᠠᠳ ᠤᠳᠠᠭᠰᠠᠨ ᠨᠤᠲᠤᠭ ᠢᠶᠠᠨ ᠵᠣᠷᠢᠨ ᠢᠷᠡᠨᠡᠮ᠂ ᠢᠷᠡᠨᠡᠮ᠃ | |