︽ᠨᠢᠭᠡ ᠬᠤᠨᠢᠨ ᠤ ᠰᠤᠷᠤᠯᠭ᠎ᠠ ᠲᠡᠳᠬᠦᠬᠦ ᠢᠨᠵᠧᠨᠧᠷᠢᠩ︾ ᠨᠢ ᠤᠯᠠᠨ ᠬᠡᠦᠬᠡᠳ ᠤᠨ ᠰᠤᠷᠭᠠᠭᠤᠯᠢ ᠰᠣᠶᠣᠯ ᠤᠨ ᠠᠶᠠᠨ ᠳᠤᠨᠢ ᠭᠠᠨᠵᠤᠭ᠎ᠠ ᠨᠡᠮᠡᠷᠢᠯᠡᠵᠦ ᠪᠠᠶᠢᠨ᠎ᠠ
ᠨᠡᠶᠢᠲᠡᠯᠡᠭᠰᠡᠨ ᠴᠠᠭ᠄
2024/8/22
    ᠪᠠᠷᠠᠭᠤᠨ ᠦᠵᠦᠮᠦᠴᠢᠨ ᠬᠤᠰᠢᠭᠤᠨ ᠤ ᠠᠯᠤᠰ ᠬᠡᠲᠦ ᠶᠢᠨ ᠠᠴᠢ ᠬᠤᠯᠪᠣᠭᠳᠠᠯ ᠲᠠᠢ ︽ᠨᠢᠭᠡ ᠬᠤᠨᠢᠨ ᠤ ᠰᠤᠷᠤᠯᠭ᠎ᠠ ᠲᠡᠳᠬᠦᠬᠦ ᠢᠨᠵᠧᠨᠧᠷᠢᠩ︾ ᠨᠢ ᠶᠠᠳᠠᠭᠤ ᠬᠦᠴᠢᠷᠳᠡᠯᠲᠡᠢ ᠰᠤᠷᠤᠭᠴᠢᠳ ᠤᠨ ᠰᠤᠷᠤᠯᠴᠠᠬᠤ ᠵᠠᠮ ᠢ ᠨᠢ ᠬᠡᠷᠡᠯᠳᠦᠬᠦᠯᠵᠦ ᠪᠠᠶᠢᠨ᠎ᠠ᠃    2014 ᠣᠨ ᠳᠤ᠂ ᠪᠠᠶᠠᠨᠬᠤᠰᠢᠭᠤ ᠰᠤᠮᠤᠨ ᠤ ᠰᠠᠶᠢᠬᠠᠨᠨᠠᠭᠤᠷ ᠭᠠᠴᠠᠭᠠᠨ ᠤ ᠨᠠᠮ ᠤᠨ ᠡᠭᠦᠷ ᠵᠢᠴᠢ ᠬᠤᠶᠢᠴᠢ ᠦᠶ᠎ᠡ ᠶᠢᠨ ᠬᠢᠨ ᠢ ᠬᠠᠯᠠᠮᠵᠢᠯᠠᠬᠤ ᠠᠵᠢᠯ ᠤᠨ ᠵᠥᠪᠯᠡᠯ ᠨᠢ ᠬᠡᠰᠡᠭ ᠮᠠᠯᠴᠢᠨ ᠤ ᠬᠡᠦᠬᠡᠳ ᠠᠮᠢᠳᠤᠷᠠᠯ ᠤᠨ ᠬᠦᠴᠢᠷᠳᠡᠯ  ᠠᠴᠠ ᠪᠣᠯᠵᠤ ᠶᠡᠭᠡ ᠰᠤᠷᠭᠠᠭᠤᠯᠢ ᠳᠤ ᠰᠣᠷᠣᠯᠴᠠᠵᠦ ᠲᠠᠶᠢᠯᠬᠦ ᠦᠭᠡᠢ ᠪᠠᠶᠢᠬᠤ ᠶᠢ ᠣᠶᠢᠯᠠᠭᠠᠭᠰᠠᠨ ᠪᠠᠶᠢᠨ᠎ᠠ᠃ ᠡᠶᠢᠨᠬᠦ ᠬᠡᠦᠬᠡᠳ ᠢ ᠠᠮᠢᠳᠤᠷᠠᠯ ᠤᠨ ᠬᠦᠴᠢᠷᠳᠡᠯ ᠠᠴᠠ ᠪᠣᠯᠵᠤ ᠰᠤᠷᠭᠠᠨ ᠬᠥᠮᠦᠵᠢᠯ ᠬᠦᠷᠲᠡᠬᠦ ᠵᠠᠪᠰᠢᠶᠠᠨ ᠢ ᠠᠯᠳᠠᠭᠤᠯᠬᠤ ᠦᠭᠡᠢ ᠶᠢᠨ ᠲᠥᠯᠥᠭᠡ᠂ ︽ᠨᠢᠭᠡ ᠬᠤᠨᠢᠨ ᠤ ᠰᠤᠷᠤᠯᠭ᠎ᠠ ᠲᠡᠳᠬᠦᠬᠦ ᠢᠨᠵᠧᠨᠧᠷᠢᠩ︾ ᠢ ᠡᠭᠦᠰᠬᠡᠨ ᠪᠠᠶᠢᠭᠤᠯᠵᠤ᠂ ᠨᠠᠮ ᠤᠨ ᠭᠡᠰᠢᠭᠦᠨ ᠪᠣᠯᠣᠨ ᠬᠡᠰᠡᠭ ᠮᠠᠯᠴᠢᠳ ᠰᠠᠶᠢᠨ ᠳᠤᠷ᠎ᠠ ᠠᠴᠠ ᠪᠠᠨ ᠨᠢᠭᠡ ᠬᠤᠨᠢ ᠬᠠᠨᠳᠢᠪᠯᠡᠨ ᠲᠣᠭᠲᠠᠮᠠᠯ ᠬᠥᠷᠥᠩᠭᠡ ᠪᠤᠯᠭᠠᠵᠦ᠂ ᠬᠠᠨᠳᠢᠪᠯᠡᠭ᠌ᠰᠠᠨ ᠬᠥᠮᠥᠨ ᠳᠤ ᠥᠭᠴᠦ ᠡᠵᠡᠩᠨᠡᠭᠦᠯᠦᠨ᠂ ᠵᠢᠯ ᠤᠨ ᠡᠴᠦᠰ   ᠲᠤ ᠨᠢᠭᠡ ᠬᠤᠨᠢᠨ ᠠᠴᠠ ᠣᠯᠣᠭᠰᠠᠨ ᠤᠷᠤᠯᠭ᠎ᠠ ᠪᠠᠨ ᠰᠤᠷᠭᠠᠨ ᠬᠥᠮᠦᠵᠢᠯ ᠢ ᠬᠠᠶᠢᠷᠠᠯᠠᠨ ᠬᠠᠯᠠᠮᠵᠢᠯᠠᠬᠤ ᠰᠤᠷᠤᠯᠭ᠎ᠠ ᠲᠡᠳᠬᠦᠬᠦ ᠰᠠᠭᠤᠷᠢ ᠮᠥᠩᠭᠦᠨ ᠤ ᠨᠡᠶᠢᠭᠡᠮᠯᠢᠭ ᠲᠤ ᠬᠠᠳᠠᠭᠠᠯᠠᠨ᠂ ᠠᠮᠢᠳᠤᠷᠠᠯ ᠬᠦᠴᠢᠷᠳᠡᠯᠲᠡᠢ ᠰᠣᠷᠣᠭᠴᠢᠳ ᠲᠤ ᠳᠡᠮᠵᠢᠯᠭᠡ ᠦᠵᠡᠭᠦᠯᠵᠦ᠂ ᠲᠠᠳᠡᠨ ᠤ ᠰᠣᠶᠣᠯ ᠰᠤᠷᠭᠠᠨ ᠬᠥᠮᠦᠵᠢᠯ ᠬᠦᠷᠲᠡᠬᠦ ᠬᠦᠰᠡᠯ ᠪᠤᠳᠣᠯ ᠢ ᠨᠢ ᠲᠡᠷᠭᠡᠯᠰᠢᠭᠦᠯᠳᠡᠭ ᠪᠠᠶᠢᠨ᠎ᠠ     ᠪᠠᠶᠠᠨᠬᠤᠰᠢᠭᠤ ᠰᠤᠮᠤᠨ ᠤ ᠰᠠᠶᠢᠬᠠᠨᠨᠠᠭᠤᠷ ᠭᠠᠴᠠᠭᠠᠨ ᠤ ᠳᠠᠭᠠᠭᠤᠯᠭ᠎ᠠ ᠳᠣᠣᠷ᠎ᠠ᠂ ᠪᠠᠶᠠᠨᠴᠠᠭᠠᠨ ᠭᠠᠴᠠᠭ᠎ᠠ᠂ ᠪᠤᠯᠠᠭᠠᠨ ᠭᠠᠴᠠᠭᠠᠨ ᠤ ᠬᠤᠶᠢᠴᠢ ᠦᠶ᠎ᠠ ᠶᠢᠨ ᠬᠢᠨ ᠢ ᠬᠠᠯᠠᠮᠵᠢᠯᠠᠬᠤ ᠠᠵᠢᠯ ᠤᠨ ᠵᠥᠪᠯᠡᠯ ᠨᠢᠲᠤᠰ ᠪᠡᠶ᠎ᠡ ᠶᠢᠨ ᠡᠭᠦᠷᠭᠡ ᠴᠢᠳᠠᠪᠤᠷᠢ ᠪᠣᠯᠣᠨ ᠳᠠᠪᠠᠭᠤᠯᠢᠭ ᠢᠶᠠᠨ ᠭᠦᠢᠴᠡᠳ ᠪᠠᠳᠠᠷᠠᠭᠤᠯᠵᠤ᠂ ᠬᠤᠶᠢᠴᠢ ᠦᠶ᠎ᠠ ᠪᠠᠨ ᠬᠠᠯᠠᠮᠵᠢᠯᠠᠬᠤ ᠲᠤᠰᠠᠯᠠᠮᠵᠢ ᠶᠢᠨ ᠪᠡᠯᠡ ᠮᠥᠩᠭᠦ ᠶᠢ ᠢᠳᠡᠪᠬᠢᠲᠡᠢ ᠪᠠᠷ ᠠᠰᠢᠭᠯᠠᠵᠤ᠂ ︽ᠨᠢᠭᠡ ᠬᠡᠦᠬᠡᠳ ᠢ ᠴᠦ ᠶᠠᠳᠠᠭᠤ ᠬᠦᠴᠢᠷᠳᠡᠯ ᠠᠴᠠ ᠪᠣᠯᠵᠤ ᠰᠤᠷᠤᠯᠭ᠎ᠠ ᠠᠯᠳᠠᠭᠤᠯᠬᠤ ᠦᠭᠡᠢ︾ ᠭᠡᠬᠦ ᠣᠶᠢᠯᠠᠭᠠᠭᠳᠠᠬᠤᠨ ᠢ ᠡᠷᠡᠰ ᠲᠤᠤᠱᠯᠠᠭᠤᠯᠵᠤ᠂ ᠪᠣᠳᠠᠲᠤ ᠪᠠᠶᠢᠳᠠᠯ ᠳᠤ ᠨᠡᠶᠢᠴᠡᠭᠰᠡᠨ᠂ ᠭᠠᠵᠠᠷ ᠣᠷᠣᠨ ᠤ ᠠᠵᠤ ᠦᠢᠯᠡᠰ ᠤᠨ ᠣᠨᠴᠠᠯᠢᠭ ᠲᠤ ᠨᠡᠶᠢᠴᠡᠭᠰᠡᠨ ᠪᠥᠭᠡᠳ ᠦᠷᠭᠦᠯᠵᠢᠯᠡᠬᠦᠶᠢᠴᠡ   ᠬᠥᠭᠵᠢᠯᠲᠡ ᠲᠠᠢ ᠰᠤᠷᠤᠯᠭ᠎ᠠ ᠲᠡᠳᠬᠦᠬᠦ ᠰᠢᠨ᠎ᠡ ᠵᠠᠮ ︱︽ᠨᠢᠭᠡ ᠬᠤᠨᠢᠨ ᠤ ᠰᠤᠷᠤᠯᠭ᠎ᠠ ᠲᠡᠳᠬᠦᠬᠦ ᠢᠨᠵᠧᠨᠧᠷᠢᠩ︾ ᠢ ᠪᠦᠲᠦᠭᠡᠯᠴᠢ ᠪᠠᠷ ᠬᠠᠶᠢᠨ ᠰᠦᠪᠡᠭᠴᠢᠯᠡᠵᠦ᠂ ᠴᠢᠳᠠᠪᠤᠷᠢᠲᠠᠨ ᠢ ᠬᠥᠭᠵᠢᠭᠦᠯᠦᠨ ᠮᠠᠨᠳᠤᠭᠤᠯᠬᠤ ᠪᠠᠶᠢᠯᠳᠤᠬᠤ ᠪᠣᠳᠣᠯᠭ᠎ᠠ ᠶᠢᠨ ᠬᠠᠷᠠᠯᠲᠠ ᠶᠢ ᠪᠡᠶᠡᠯᠡᠭᠦᠯᠬᠦ ᠳᠤ ᠬᠦᠴᠦᠷᠬᠡᠭ ᠶᠡᠭᠡ ᠬᠥᠳᠡᠯᠭᠡᠬᠦ ᠬᠦᠴᠦᠨ ᠨᠡᠮᠡᠷᠢᠯᠡᠵᠡᠢ᠃     ︽ᠨᠢᠭᠡ ᠬᠤᠨᠢᠨ ᠤ ᠰᠤᠷᠤᠯᠭ᠎ᠠ  ᠲᠡᠳᠬᠦᠬᠦ ᠢᠨᠵᠧᠨᠧᠷᠢᠩ︾ ᠢ ᠡᠬᠢᠯᠡᠨ ᠬᠡᠷᠡᠭᠵᠢᠭᠦᠯᠦᠭᠰᠡᠨ ᠤ ᠳᠠᠷᠠᠭ᠎ᠠ᠂ ᠭᠤᠷᠪᠠᠨ ᠭᠠᠴᠠᠭᠠᠨ ᠤ ᠨᠠᠮ ᠤᠨ ᠭᠡᠰᠢᠭᠦᠨ ᠪᠠ ᠮᠠᠯᠴᠢᠳ ᠢᠳᠡᠪᠬᠢᠲᠡᠢ ᠬᠥᠳᠡᠯᠦᠯᠴᠡᠵᠦ᠂ ᠰᠠᠶᠢᠨ ᠳᠤᠷ᠎ᠠ ᠠᠴᠠ ᠪᠠᠨ ᠡᠮ᠎ᠡ ᠬᠤᠨᠢ  ᠬᠠᠨᠳᠢᠪᠯᠡᠵᠤ᠂ ᠭᠠᠴᠠᠭᠠᠨ ᠤ ᠡᠭᠦᠷᠢᠳᠡ ᠶᠢᠨ ᠴᠢᠨᠠᠷᠲᠠᠢ ᠡᠳ᠋ ᠬᠥᠷᠥᠩᠭᠡ ᠪᠣᠯᠭᠠᠬᠤ ᠶᠢᠨ ᠬᠠᠮᠲᠤ ᠬᠠᠨᠳᠢᠪᠯᠡᠭ᠌ᠴᠢ ᠠᠴᠠ ᠥᠪᠡᠷ ᠢᠶᠠᠨ ᠡᠵᠡᠩᠨᠡᠨ ᠬᠠᠮᠢᠶᠠᠷᠴᠤ᠂ ᠨᠠᠮᠤᠷ ᠤᠨ ᠤᠯᠠᠷᠢᠯ ᠤᠨ ᠰᠤᠷᠤᠯᠭ᠎ᠠ ᠡᠬᠢᠯᠡᠬᠦ ᠪᠦᠷᠢ ᠡᠮ᠎ᠡ ᠬᠤᠨᠢᠨ ᠤ ᠡᠵᠡᠩᠨᠡᠯᠲᠡ ᠠᠴᠠ  ᠣᠯᠣᠭᠰᠠᠨ 300 ︱ 500 ᠲᠥᠭᠦᠷᠢᠭ ᠤᠨ ᠠᠳᠠᠯᠢ ᠪᠤᠰᠤ ᠣᠷᠣᠯᠭ᠎ᠠ ᠪᠠᠨ ︽ᠨᠢᠭᠡ ᠬᠤᠨᠢᠨ ᠤ ᠰᠤᠷᠤᠯᠭ᠎ᠠ ᠲᠡᠳᠬᠦᠬᠦ ᠢᠨᠵᠧᠨᠧᠷᠢᠩ︾ ᠤᠨ ᠪᠡᠯᠡ ᠮᠥᠩᠭᠦ ᠶᠢᠨ ᠲᠤᠰᠬᠠᠢ ᠬᠠᠮᠢᠶᠠᠷᠤᠯᠲᠠ ᠶᠢᠨ ᠠᠵᠢᠯᠲᠠᠨ ᠳᠤ ᠲᠤᠰᠢᠶᠠᠵᠤ᠂ ︽ᠰᠤᠷᠭᠠᠨ ᠬᠥᠮᠦᠵᠢᠯ ᠢ ᠬᠠᠶᠢᠷᠠᠯᠠᠨ ᠬᠠᠯᠠᠮᠵᠢᠯᠠᠬᠤ ᠰᠤᠷᠤᠯᠭ᠎ᠠ ᠲᠡᠳᠬᠦᠬᠦ ᠰᠠᠭᠤᠷᠢ ᠮᠥᠩᠭᠦᠨ ᠤ ᠨᠡᠶᠢᠭᠡᠮᠯᠢᠭ︾ ᠤᠨ ᠲᠠᠩᠰᠠᠨ ᠳᠤ ᠨᠢᠭᠡᠳᠦᠯᠲᠡᠢ ᠪᠥᠬᠦ ᠲᠤᠭ᠎ᠠ ᠪᠠᠷ ᠬᠤᠪᠢᠶᠠᠷᠢᠯᠠᠨ ᠣᠷᠣᠭᠤᠯᠵᠤ᠂ ᠰᠤᠷᠤᠯᠭ᠎ᠠ ᠲᠡᠳᠬᠦᠬᠦ ᠪᠡᠯᠡ ᠮᠥᠩᠭᠦ ᠪᠠᠨ ᠬᠤᠷᠠᠮᠳᠤᠭᠤᠯᠳᠠᠭ ᠪᠠᠶᠢᠨ᠎ᠠ᠃    ︽ᠰᠤᠷᠭᠠᠨ ᠬᠥᠮᠦᠵᠢᠯ ᠢ ᠬᠠᠶᠢᠷᠠᠯᠠᠨ ᠬᠠᠯᠠᠮᠵᠢᠯᠠᠬᠤ ᠰᠤᠷᠤᠯᠭ᠎ᠠ ᠲᠡᠳᠬᠦᠬᠦ ᠰᠠᠭᠤᠷᠢ ᠮᠥᠩᠭᠦᠨ ᠤ ᠨᠡᠶᠢᠭᠡᠮᠯᠢᠭ︾ ᠨᠢ ᠲᠤᠰᠬᠠᠶᠢᠵᠢᠭᠰᠠᠨ ᠬᠠᠮᠢᠶᠠᠷᠤᠯᠲᠠ ᠶᠢᠨ ᠵᠠᠭᠪᠤᠷ ᠢᠶᠠᠷ ᠰᠤᠷᠤᠯᠭ᠎ᠠ ᠲᠡᠳᠬᠦᠬᠦ ᠪᠡᠯᠡ ᠮᠥᠩᠭᠦ ᠶᠢ ᠬᠠᠮᠢᠶᠠᠷᠴᠤ᠂ ᠳᠦᠷᠢᠮᠵᠢᠭᠰᠡᠨ ᠪᠠᠶᠢᠭᠤᠯᠤᠯᠲᠠ ᠶᠢ ᠲᠠᠰᠤᠷᠠᠯᠲᠠ ᠦᠭᠡᠢ ᠴᠢᠩᠭᠠᠳᠬᠠᠵᠤ᠂ ᠰᠤᠷᠤᠯᠭ᠎ᠠ ᠲᠡᠳᠬᠦᠬᠦ ᠰᠠᠭᠤᠷᠢ ᠮᠥᠩᠭᠦ  ᠶᠢᠨ ᠬᠡᠷᠡᠭᠯᠡᠯᠲᠡ᠂ ᠲᠤᠰᠠᠯᠠᠬᠤ ᠡᠲᠡᠭᠡᠳ ᠢ ᠲᠣᠭᠲᠠᠭᠠᠬᠤ ᠵᠢᠴᠢ ᠲᠤᠰᠠᠯᠠᠬᠤ ᠲᠠᠰ ᠳᠠᠷᠠᠭᠠᠯᠠᠯ ᠵᠡᠷᠭᠡ ᠵᠠᠩᠭᠢᠯᠠᠭ᠎ᠠ  ᠶᠢᠨ ᠭᠤᠭᠴᠤᠭ᠎ᠠ ᠶᠢ ᠴᠥᠮ ᠲᠣᠳᠣᠷᠬᠠᠢ ᠵᠢᠷᠤᠮᠵᠢᠭᠤᠯᠵᠤ᠂ ᠣᠨᠴᠠ ᠬᠦᠴᠢᠷᠳᠡᠯᠲᠡᠢ ᠰᠤᠷᠤᠭᠴᠢᠳ ᠢ ᠲᠤᠰᠠᠯᠠᠬᠤ ᠶᠠᠪᠤᠳᠠᠯ ᠤᠨ ᠦᠷᠭᠦᠯᠵᠢᠯᠡᠬᠦ ᠴᠢᠨᠠᠷ ᠢ ᠬᠦᠴᠦᠲᠡᠢ ᠪᠠᠲᠤᠯᠠᠵᠤ᠂ ᠶᠠᠳᠠᠭᠤ ᠬᠦᠴᠢᠷᠳᠡᠯᠲᠡᠢ ᠰᠤᠷᠤᠭᠴᠢᠳ ᠲᠤ ᠰᠠᠷᠠᠭᠤᠯ ᠳᠠᠷᠳᠠᠩ ᠰᠤᠷᠤᠯᠴᠠᠬᠤ ᠵᠠᠮ ᠢ ᠨᠡᠭᠡᠭᠡᠨ ᠥᠭᠴᠡᠢ᠃    ᠣᠲᠣ ᠪᠣᠯᠲᠠᠯ᠎ᠠ᠂ ᠲᠤᠰ ᠭᠤᠷᠪᠠᠨ ᠭᠠᠴᠠᠭ᠎ᠠ ᠨᠢᠨᠢᠭᠡᠨᠲᠡ 77 ᠣᠶᠤᠲᠠᠨ ᠢ 88000 ᠲᠥᠭᠦᠷᠢᠭ ᠢᠶᠠᠷ ᠲᠡᠳᠬᠦᠵᠦ᠂ ︽ᠨᠢᠭᠡ ᠬᠤᠨᠢᠨ ᠤ ᠰᠤᠷᠤᠯᠭ᠎ᠠ ᠲᠡᠳᠬᠦᠬᠦ ᠢᠨᠵᠧᠨᠧᠷᠢᠩ︾ ᠤᠨ ᠰᠠᠭᠤᠷᠢ ᠡᠬᠡ ᠮᠠᠯ 75 ᠲᠤᠯᠤᠭᠠᠢ  ᠳᠤ ᠬᠦᠷᠴᠦ᠂ ᠮᠠᠯᠴᠢᠳ ᠤᠨ ᠬᠡᠦᠬᠡᠳ ᠤᠨ ᠰᠡᠳᠬᠢᠯ ᠠᠮᠤᠷ ᠰᠤᠷᠭᠠᠭᠤᠯᠢ ᠳᠤ ᠣᠷᠣᠬᠤ ᠳᠤ ᠨᠢ ᠬᠦᠴᠦᠲᠡᠢ ᠳᠡᠮᠵᠢᠯᠭᠡ ᠬᠠᠩᠭᠠᠵᠤ ᠪᠠᠶᠢᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号