ᠦᠨᠢᠶᠡᠨ ᠰᠦ ᠪᠠᠷ ᠡᠮ ᠳᠠᠷᠤᠭᠤᠯᠵᠤ ᠤᠤᠭᠤᠯᠭᠠᠬᠤ ᠁ ᠬᠡᠦᠬᠡᠳ ᠲᠤ ᠡᠮ ᠤᠤᠭᠤᠯᠭᠠᠬᠤ ᠲᠤᠬᠠᠢ ᠪᠤᠷᠤᠭᠤ ᠣᠶᠢᠯᠠᠭᠠᠯᠲᠠ ᠠᠴᠠ ᠵᠠᠶᠢᠯᠠᠰᠬᠢᠬᠦ ᠬᠡᠷᠡᠭᠲᠡᠢ
ᠨᠡᠶᠢᠲᠡᠯᠡᠭᠰᠡᠨ ᠴᠠᠭ᠄
2024/8/21
      ᠬᠡᠦᠬᠡᠳ ᠲᠤ ᠡᠮ ᠤᠤᠭᠤᠯᠭᠠᠬᠤ ᠳᠤ ᠬᠦᠴᠢᠷ ᠪᠠᠶᠢᠳᠠᠭ ᠠᠴᠠ ᠭᠡᠷ ᠤᠨ ᠠᠬᠠᠮᠠᠳ ᠨᠠᠷ ᠦᠷᠭᠦᠯᠵᠢ ᠬᠡᠦᠬᠡᠳ ᠤᠨ ᠤᠤᠭᠤᠬᠤ ᠳᠤᠷᠠᠲᠠᠢ ᠦᠨᠢᠶᠡᠨ ᠰᠦ᠂ ᠵᠢᠮᠢᠰ ᠤᠨ ᠰᠢᠭᠦᠰᠦ ᠵᠡᠷᠭᠡ ᠤᠮᠳᠠᠭᠠᠨ ᠢᠶᠠᠷ ᠡᠮ ᠳᠠᠷᠤᠭᠤᠯᠵᠤ ᠤᠤᠭᠤᠯᠭᠠᠳᠠᠭ᠃ ᠦᠨᠡᠨ ᠳᠡᠭᠡᠨ ᠲᠣᠳᠣᠷᠬᠠᠶᠢᠯᠠᠯᠲᠠ ᠶᠢᠨ ᠪᠢᠴᠢᠭ ᠳᠡᠭᠡᠷ᠎ᠡ ᠣᠨᠴᠠᠭᠠᠶᠢᠯᠠᠨ ᠲᠣᠳᠣᠷᠬᠠᠶᠢᠯᠠᠭᠰᠠᠨ ᠪᠠᠶᠢᠳᠠᠯ ᠢ ᠭᠠᠷᠭᠠᠪᠠᠯ᠂ ᠣᠯᠠᠩᠬᠢ ᠡᠮ ᠢ ᠪᠦᠷ ᠪᠦᠯᠢᠶᠡᠨ ᠤᠰᠤ ᠪᠠᠷ ᠳᠠᠷᠤᠭᠤᠯᠵᠤ ᠤᠤᠭᠤᠯᠭᠠᠪᠠᠯ ᠵᠣᠬᠢᠨ᠎ᠠ᠃ ᠦᠨᠢᠶᠡᠨ ᠰᠦ᠂ ᠵᠢᠮᠢᠰ ᠤᠨ ᠰᠢᠭᠦᠰᠦ ᠵᠡᠷᠭᠡ ᠪᠤᠰᠤᠳ ᠰᠢᠩᠭᠡᠨ ᠪᠡᠶᠡᠲᠦ ᠪᠠᠷ ᠡᠮ ᠳᠠᠷᠤᠭᠤᠯᠵᠤ ᠤᠤᠭᠤᠯᠭᠠᠪᠠᠯ ᠳᠣᠣᠷᠠᠬᠢ ᠮᠡᠲᠦ ᠮᠠᠭᠤ ᠨᠥᠯᠥᠭᠡ ᠭᠠᠷᠴᠤ ᠮᠡᠳᠡᠨ᠎ᠡ᠃        ᠦᠨᠢᠶᠡᠨ ᠰᠦ ᠶᠢᠨ ᠳᠣᠲᠣᠷᠠᠬᠢ ᠺᠠᠯᠼ᠂ ᠮᠠᠭᠨᠢ ᠵᠡᠷᠭᠡ ᠡᠷᠦᠳᠡᠰᠦ ᠨᠢ ᠡᠮ ᠤᠨ ᠰᠢᠩᠭᠡᠭᠡᠯᠲᠡ ᠶᠢ ᠨᠥᠯᠥᠭᠡᠯᠡᠳᠡᠭ᠃ ᠵᠢᠮᠢᠰ ᠤᠨ ᠰᠢᠭᠦᠰᠦ ᠨᠢ ᠶᠡᠷᠦ ᠳᠡᠭᠡᠨ ᠬᠦᠴᠢᠯᠢᠭ ᠴᠢᠨᠠᠷ ᠲᠠᠢ ᠪᠥᠭᠡᠳ ᠱᠦᠯᠲᠦᠯᠢᠭ ᠴᠢᠨᠠᠷ ᠲᠠᠢ ᠡᠮ᠂ ᠵᠢᠱᠢᠶᠡᠯᠡᠪᠡᠯ ᠡᠷᠢᠲᠷᠣᠮᠢᠼᠢᠨ ︵红霉素︶ ᠵᠡᠷᠭᠡ ᠲᠠᠢ ᠤᠷᠪᠠᠯ ᠡᠭᠦᠰᠴᠦ᠂ ᠢᠳᠡᠪᠬᠢ ᠴᠢᠨᠠᠷ ᠢᠶᠠᠨ ᠠᠯᠳᠠᠵᠤ᠂ ᠡᠮᠴᠢᠯᠡᠭᠡᠨ ᠤ ᠦᠷ᠎ᠡ ᠳ᠋ᠦᠩ ᠢ ᠨᠥᠯᠥᠭᠡᠯᠡᠳᠡᠭ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号