ᠪᠠᠷᠠᠭᠤᠨ ᠦᠵᠦᠮᠦᠴᠢᠨ ᠬᠤᠰᠢᠭᠤᠨ ᠤ ᠬᠤᠶᠠᠳᠤᠭᠠᠷ ᠤᠳᠠᠭᠠᠨ ᠤ ᠲᠠᠯ᠎ᠠ ᠨᠤᠲᠤᠭ ᠤᠨ ︽99 ᠨᠣᠮᠧᠷᠲᠤ ᠵᠠᠮ︾ ᠳᠠᠭᠤᠤ ᠤᠷᠠᠯᠢᠭ ᠤᠨ ᠨᠠᠶᠢᠷ ᠤᠨ ᠬᠤᠶᠠᠳᠤᠭᠠᠷ ᠲᠠᠯᠠᠪᠠᠢ ᠵᠢᠨ‌‍ᠲ᠋ᠤᠭᠯᠠᠯᠳᠠ ᠶᠠᠪᠤᠭᠳᠠᠪᠠ
ᠨᠡᠶᠢᠲᠡᠯᠡᠭᠰᠡᠨ ᠴᠠᠭ᠄
2024/7/31
    7 ᠰᠠᠷ᠎ᠠ ᠶᠢᠨ 28 ᠤ ᠣᠷᠣᠢ᠂ ᠪᠠᠷᠠᠭᠤᠨ ᠦᠵᠦᠮᠦᠴᠢᠨ ᠬᠤᠰᠢᠭᠤᠨ ᠤ ᠬᠤᠶᠠᠳᠤᠭᠠᠷ ᠤᠳᠠᠭᠠᠨ ᠤ ᠲᠠᠯ᠎ᠠ ᠨᠤᠲᠤᠭ ᠤᠨ ︽99 ᠨᠣᠮᠧᠷᠲᠤ ᠵᠠᠮ︾ ᠳᠠᠭᠤᠤ ᠤᠷᠠᠯᠢᠭ ᠤᠨ ᠨᠠᠶᠢᠷ ᠤᠨ ᠬᠤᠶᠠᠳᠤᠭᠠᠷ ᠲᠠᠯᠠᠪᠠᠢ ᠶᠢᠨ ᠲᠤᠭᠯᠠᠯᠳᠠ ᠬᠤᠰᠢᠭᠤᠨ ᠤ ᠨᠠᠶᠢᠷ ᠤᠨ ᠲᠠᠯᠠᠪᠠᠢ ᠳᠤ ᠶᠠᠪᠤᠭᠳᠠᠪᠠ᠃
    ᠲᠤᠰ ᠤᠳᠠᠭᠠᠨ ᠤ ᠲᠤᠭᠯᠠᠯᠳᠠ ᠳᠤ᠂ ᠦᠪᠦᠷ ᠮᠤᠩᠭᠤᠯ᠂ ᠰᠢᠨᠵᠢᠶᠠᠩ ᠵᠡᠷᠭᠡ ᠭᠠᠵᠠᠷ ᠤᠷᠤᠨ ᠤ 14 ᠷᠤᠺ ᠬᠠᠮᠳᠤᠯᠢᠭ ᠤᠷᠤᠯᠴᠠᠵᠦ᠂ ︽ᠳᠠᠭᠤᠤ ᠬᠥᠭᠵᠢᠮ ᠤᠨ ᠨᠠᠶᠢᠷ +︾ ᠬᠡᠯᠪᠡᠷᠢ ᠪᠠᠷ ᠰᠣᠶᠣᠯ ᠵᠢᠭᠤᠯᠴᠢᠯᠠᠯ ᠢ ᠤᠶᠠᠯᠳᠤᠭᠤᠯᠤᠨ ᠬᠦᠭᠵᠢᠬᠦᠯᠬᠦ ᠴᠢᠭᠯᠡᠯ ᠢᠶᠠᠷ ᠶᠠᠪᠤᠠᠠᠳᠠᠵᠦ᠂ ᠦᠳᠡ ᠶᠢᠨ ᠬᠤᠶᠢᠨᠠᠬᠢ ᠲᠠᠪᠤᠨ ᠴᠠᠭ ᠬᠠᠭᠠᠰ ᠲᠤ᠂ DJMONGO᠂ CRAAL ᠵᠡᠷᠭᠡ ᠬᠠᠮᠳᠤᠯᠢᠭ ᠤᠨ ᠰᠡᠳᠬᠢᠯ ᠬᠦᠭᠰᠡᠭᠡᠮ᠎ᠡ ᠠᠶ᠎ᠠ ᠲᠠᠭᠤᠨ ᠤ ᠲᠤᠮᠳᠠ ᠲᠤᠭᠯᠠᠯᠳᠠ ᠡᠬᠢᠯᠡᠪᠡ᠃
   ᠲᠤᠭᠯᠠᠯᠳᠠ ᠶᠢᠨ ᠠᠬᠤᠢ ᠲᠠᠯᠠᠪᠠᠶ ᠳᠤ᠂ ᠡᠯ᠎ᠡ ᠭᠠᠵᠠᠷ ᠠᠴᠠ ᠢᠷᠡᠭᠰᠡᠨ ᠵᠢᠭᠤᠯᠴᠢᠯᠠᠭᠴᠢ ᠪᠠ ᠲᠠᠭᠤᠤ ᠶᠢᠨ ᠪᠠᠭ᠋ᠠᠳᠠᠳ ᠴᠤᠭᠯᠠᠷᠠᠨ ᠡᠨᠡᠬᠦ ᠬᠦᠭᠵᠢᠶᠡᠨᠳᠦ ᠠᠶ᠎ᠠ ᠲᠠᠭᠤᠨ ᠤ ᠦᠳᠡᠰᠢᠯᠡᠭᠡ ᠶᠢ ᠰᠤᠨᠢᠷᠬᠠᠪᠠ᠃ ᠦᠳᠡᠰᠢ ᠶᠢᠨ ᠪᠦᠷᠦᠢ ᠪᠣᠯᠬᠤ ᠳᠤ C-Family᠂ TIME ᠵᠡᠷᠭᠡ ᠷᠤᠺ ᠲᠠᠭᠤᠨ ᠤ ᠵᠠᠯᠠᠭᠤ ᠬᠠᠮᠳᠤᠯᠢᠭ ᠲᠠᠶᠢᠰᠠᠨ ᠳᠤ ᠭᠠᠷᠴᠦ ᠠᠶ᠎ᠠ ᠲᠠᠭᠤᠤ ᠪᠠᠨ ᠡᠷᠭᠦᠵᠦ᠂ ᠲᠤᠭᠯᠠᠯᠳᠠ ᠨᠢ ᠬᠦᠮᠦᠰ ᠤᠨ ᠰᠡᠳᠬᠢᠯ ᠢ ᠬᠦᠭᠰᠡᠭᠡᠭᠰᠡᠨ ᠷᠤᠺ ᠲᠠᠭᠤᠤ ᠪᠠᠷ ᠭᠤᠤᠯᠯᠠᠵᠦ᠂ ᠨᠠᠭᠤᠷ ᠬᠠᠮᠲᠤᠯᠢᠭ ︵noWer︶᠂ InnerSa᠂ TOP-LINE᠂ AT.M᠂ MORETEN᠂ MAJ7-MUSUC᠂ PTS ᠬᠠᠮᠲᠤᠯᠢᠭ ᠵᠡᠷᠭᠡ ᠬᠠᠮᠲᠤᠯᠢᠭ ᠪᠤᠯᠤᠨ ᠵᠠᠯᠠᠭᠤ ᠲᠠᠭᠤᠴᠢᠨ ᠰᠦᠮᠡᠡᠬᠤᠸᠠᠷ ᠨᠠᠷ ᠤᠨ ︽ᠰᠢᠨᠵᠢᠶᠠᠩ ᠳᠤ ᠶᠠᠪᠤᠶ᠎ᠠ︾᠂ ︽ᠰᠢᠯᠢ ᠶᠢᠨ ᠭᠤᠣᠯ︾᠂ ︽ᠲᠠᠷᠠᠭ᠎ᠠ ᠦᠷᠳᠡᠭᠡ︾᠂ ︽ᠴᠢᠨᠦ ᠲᠡᠷᠭᠡᠳᠡ︾᠂ ︽ ᠪᠤᠷᠤᠭᠠᠨ︾᠂ ︽ᠴᠢᠨᠤ ᠲᠤᠬᠠᠢ︾ ᠵᠡᠷᠭᠡ ᠬᠦᠭᠵᠢᠶᠡᠨᠳᠦ ᠰᠠᠶᠢᠬᠠᠨ ᠳᠠᠭᠤᠤ ᠨᠢ ᠦᠵᠡᠭᠴᠢᠳ ᠤᠨ ᠪᠠᠭ᠋ᠠᠷᠬᠠᠯ ᠢ ᠲᠠᠳᠠᠵᠦ ᠰᠦᠨᠢ ᠶᠢᠨ ᠤᠠᠠᠳᠠᠷᠭᠤᠢ ᠳᠤ ᠴᠤᠤᠷᠢᠶᠠᠳᠤᠨ᠎ᠠ᠃
   ᠵᠤᠨ ᠤ ᠤᠯᠠᠷᠢᠯ ᠪᠤᠯ ᠪᠠᠷᠠᠭᠤᠨ ᠦᠵᠦᠮᠦᠴᠢᠨ ᠬᠤᠰᠢᠭᠤᠨ ᠤ ᠲᠠᠯ᠎ᠠ ᠨᠤᠲᠤᠭ ᠤᠨ ︽99 ᠨᠣᠮᠧᠷᠲᠤ ᠵᠠᠮ︾  ᠤᠨ ᠵᠤᠭᠠᠴᠠᠯ ᠤᠨ ᠬᠠᠮᠤᠭ ᠬᠦᠭᠵᠢᠶᠡᠨᠳᠦ ᠴᠠᠭ ᠦᠶ᠎ᠡ ᠪᠠᠶᠢᠵᠤ᠂ ᠬᠡᠳᠦᠶᠢᠪᠡᠷ ᠤᠬᠤᠷᠬᠠᠨ ᠭᠤᠷᠪᠠᠨ ᠰᠠᠷ᠎ᠠ ᠪᠤᠯᠪᠠᠴᠤ ᠡᠯ᠎ᠡ ᠭᠠᠵᠠᠷ ᠤᠨ ᠵᠤᠭᠠᠴᠠᠭᠰᠠᠳ ᠤᠨ ᠠᠭᠤᠳᠠᠮ ᠲᠠᠯ᠎ᠠ ᠨᠤᠳᠤᠭ᠂ ᠤᠤᠭᠠᠯ ᠰᠤᠶᠤᠯ ᠠᠮᠢᠳᠤᠷᠠᠯ ᠢ ᠲᠤᠭᠤᠷᠢᠨ ᠦᠵᠡᠵᠦ ᠰᠡᠳᠬᠢᠯ ᠢᠶᠠᠨ ᠰᠡᠷᠭᠦᠭᠡᠨ ᠪᠠᠶᠠᠰᠤᠨ ᠵᠤᠭᠠᠴᠠᠬᠤ ᠲᠠᠭᠠᠳᠠᠢ ᠭᠠᠵᠠᠷ ᠪᠣᠯᠬᠤ ᠶᠤᠮ᠃ ᠪᠠᠷᠠᠭᠤᠨ ᠦᠵᠦᠮᠦᠴᠢᠨ ᠬᠤᠰᠢᠭᠤ ᠨᠢ ᠲᠣᠰ ᠤᠳᠠᠭᠠᠨ ᠤ ᠳᠠᠭᠤᠤ ᠤᠷᠠᠯᠢᠭ ᠤᠨ ᠨᠠᠶᠢᠷ ᠢᠶᠠᠷ ᠲᠠᠮᠵᠢᠭᠤᠯᠤᠨ ᠰᠣᠶᠣᠯ ᠤᠨ ᠠᠵᠤ ᠦᠢᠯᠡᠰ ᠤᠨ ᠬᠥᠭᠵᠢᠯᠲᠡ ᠶᠢ ᠦᠷᠭᠦᠯᠵᠢᠯᠡᠨ ᠠᠬᠢᠭᠤᠯᠵᠤ᠂ ᠰᠣᠶᠣᠯ ᠵᠢᠭᠤᠯᠴᠢᠯᠠᠯ ᠢ ᠠᠭᠤᠰᠤᠯᠴᠠᠭᠤᠯᠤᠨ ᠬᠥᠭᠵᠢᠭᠦᠯᠬᠦ ᠪᠤᠯᠤᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号