ᠪᠠᠷᠠᠭᠤᠨ ᠦᠵᠦᠮᠦᠴᠢᠨ ᠬᠤᠰᠢᠭᠤᠨ ᠤ ᠪᠠᠶᠠᠩᠬᠤᠸᠠ ᠪᠠᠯᠭᠠᠰᠤᠨ ᠤ ᠪᠠᠶᠠᠠᠬᠤᠭᠤᠯᠠᠲᠤ ᠭᠠᠴᠠᠭ᠎ᠠ ᠪᠠᠷ ᠨᠤᠳᠤᠭᠲᠠᠢ | ᠡᠷᠳᠡᠨᠢᠳᠠᠯᠠᠢ ᠠᠵᠢᠯ ᠤᠨ ᠴᠢᠯᠦᠭᠡ ᠵᠠᠪ ᠢᠶᠠᠨ ᠠᠰᠢᠭᠯᠠᠨ ᠦᠪᠡᠷ ᠢᠶᠠᠨ ᠫᠧᠩ ᠪᠠᠷᠢᠭᠠᠳ ᠶᠠᠭᠠᠷᠠᠤᠬᠠᠨ ᠪᠠᠶᠢᠬᠤ ᠰᠤᠷᠠᠭ ᠢᠶᠠᠷ | ᠮᠠᠨ ᠤ ᠰᠤᠷᠪᠤᠯᠵᠢᠯᠠᠭ᠎ᠠ ᠶᠢᠨ ᠪᠠᠭ ᠤᠨ ᠬᠢᠨ ᠵᠤᠷᠢᠨ ᠤᠴᠢᠭᠰᠠᠨ ᠨᠢ ᠡᠨᠡ ᠪᠢᠯᠡ᠃ | | ᠲᠡᠯᠭᠡᠷ ᠵᠤᠨ ᠤ ᠬᠦᠳᠡᠭᠡ ᠨᠤᠳᠤᠭ ᠲᠤ ᠠᠬᠢ ᠲᠠᠭᠠᠨ᠎ᠠ ᠶᠢᠨ ᠦᠨᠦᠷ ᠰᠡᠩᠭᠢᠨᠡᠵᠦ ᠠᠮᠢᠵᠢᠷᠠᠯ ᠤᠨ ᠬᠦᠴᠦᠨ ᠢᠶᠠᠷ | ᠪᠢᠯᠬᠠᠨ᠎ᠠ᠃ ᠮᠠᠯᠴᠢᠨ ᠵᠠᠯᠠᠭᠤ ᠡᠷᠳᠡᠨᠢᠳᠠᠯᠠᠢ ᠴᠦ ᠴᠠᠭ ᠤᠨ ᠰᠠᠶᠢᠬᠠᠨ᠂ ᠠᠵᠢᠯ ᠤᠨ ᠰᠡᠯᠡᠬᠦᠦ ᠶᠢ ᠠᠰᠢᠭᠯᠠᠨ᠂ | ᠠᠮᠢᠳᠤᠷᠠᠯ ᠳᠠᠭᠠᠨ ᠨᠠᠷᠢᠨ ᠲᠠᠩᠰᠠ ᠪᠤᠳᠤᠵᠤ ᠂ ᠪᠠᠷᠢᠯᠭ᠎ᠠ ᠶᠢᠨ ᠭᠠᠵᠠᠷ ᠠᠵᠢᠯᠯᠠᠵᠤ ᠪᠠᠶᠢᠭᠰᠠᠨ ᠨᠠᠨᠳᠢᠨ ᠲᠤᠷᠰᠢᠯᠭ᠎ᠠ ᠪᠠᠨ | ᠦᠢᠯᠡᠳᠪᠦᠷᠢᠯᠡᠯ ᠠᠮᠢᠳᠤᠷᠠᠯ ᠳᠠᠭᠠᠨ ᠠᠰᠢᠭᠯᠠᠬᠤ ᠶᠢ ᠪᠤᠳᠤᠵᠤ᠂ ᠦᠪᠡᠷᠳᠡᠭᠡᠨ ᠵᠢᠷᠤᠵᠤ ᠲᠦᠰᠦᠪᠯᠡᠨ᠂ ᠮᠠᠯ ᠤᠨᠤᠭᠠᠨ ᠳᠤ | ᠪᠠᠨ ᠭᠡᠷᠡᠭᠰᠡᠬᠦ 300 ᠬᠠᠪᠳᠠᠭᠠᠢ ᠲᠦᠷᠪᠡᠯᠵᠢᠨ ᠮᠧᠲᠷ ᠲᠠᠯᠠᠪᠠᠢ ᠪᠦᠬᠦᠢ ᠲᠤᠯᠠᠭᠠᠨ ᠫᠧᠩ ᠢᠶᠠᠨ ᠪᠠᠷᠢᠵᠤ | ᠬᠢᠯᠠᠷᠠᠭᠤᠯᠤᠨ᠎ᠠ᠃ | ᠠᠮᠢᠳᠤᠷᠠᠯ ᠬᠦᠳᠡᠯᠮᠦᠷᠢᠴᠢ ᠬᠦᠮᠦᠨ ᠳᠤ ᠦᠭᠭᠢᠶᠡᠮᠦᠷᠴᠢ ᠪᠠᠶᠢᠳᠠᠭ ᠤᠨ ᠤᠴᠢᠷ᠂ ᠡᠷᠳᠡᠨᠢᠳᠠᠯᠠᠢ ᠴᠠᠭ ᠵᠠᠪ ᠤᠯᠳᠠᠪᠠᠯ | ᠦᠪᠡᠷ ᠤᠨ ᠬᠢᠵᠦ ᠴᠢᠳᠠᠬᠤ ᠬᠡᠪᠴᠢᠶᠡᠨ ᠳᠤ ᠲᠡᠮᠦᠷ ᠭᠠᠩᠨᠠᠬᠤ᠂ ᠰᠢᠪᠡᠷ ᠤᠰᠤᠨ ᠤ ᠠᠵᠢᠯ᠂ ᠭᠡᠷ ᠲᠤᠳᠤᠷᠠᠬᠢ ᠲᠦᠬᠦᠮ | ᠵᠠᠰᠠᠯ ᠴᠢᠮᠡᠭᠯᠡᠯ ᠤᠨ ᠠᠵᠢᠯ ᠬᠡᠬᠦᠴᠢᠯᠡᠨ ᠪᠦᠬᠦᠨ ᠢ ᠦᠪᠡᠷᠳᠡᠬᠡᠨ ᠠᠮᠵᠢᠭᠤᠯᠵᠤ᠂ ᠪᠠᠭ᠎ᠠ ᠪᠤᠰᠤ ᠵᠤᠭᠤᠰ ᠮᠦᠩᠭᠦ ᠠᠷᠪᠢᠯᠠᠨ᠂ | ᠠᠮᠢᠳᠤᠷᠠᠯ ᠤᠨ ᠵᠠᠷᠤᠯᠭ᠎ᠠ ᠪᠠᠨ ᠪᠠᠭᠠᠰᠬᠠᠵᠤ᠂ ᠨᠠᠷᠢᠨ ᠲᠠᠩᠰᠠ ᠪᠣᠳᠣᠨ᠂ ᠰᠢᠷᠭᠠᠭᠤ ᠬᠦᠳᠡᠯᠮᠦᠷᠢᠴᠢ ᠬᠤᠶᠠᠷ ᠭᠠᠷ ᠢᠶᠠᠷ | ᠢᠶᠠᠨ ᠠᠮᠢᠳᠤᠷᠠᠯ ᠦᠢᠯᠡᠰ ᠢᠶᠠᠨ ᠴᠤᠭᠴᠠᠯᠠᠵᠤ ᠶᠠᠭᠠᠷᠠᠨ᠎ᠠ᠃ | ᠤᠶᠢᠯᠠᠭᠠᠭᠰᠠᠨ ᠢᠶᠠᠷ᠂ ᠡᠷᠳᠡᠨᠢᠳᠠᠯᠠᠢ ᠫᠧᠩ ᠢᠶᠠᠨ ᠪᠠᠷᠢᠬᠤ ᠳᠤ ᠪᠦᠬᠦ ᠮᠠᠲ᠋ᠧᠷᠢᠶᠠᠯ ᠢᠶᠠᠨ ᠪᠠᠶᠠᠩᠬᠤᠸᠠ ᠪᠠᠯᠭᠠᠰᠤᠨ ᠠᠴᠠ | ᠴᠢᠨᠠᠷ ᠰᠠᠶᠢᠲᠠᠢ ᠶᠢ ᠨᠢ ᠬᠤᠳᠠᠯᠳᠤᠨ ᠠᠪᠴᠤ᠂ ᠪᠤᠰᠤᠳ ᠪᠠᠭ᠎ᠠ ᠰᠠᠭ᠎ᠠ ᠵᠠᠷᠤᠳᠠᠯ ᠪᠠ ᠲᠡᠷᠭᠡᠨ ᠲᠤᠰᠤ ᠲᠠᠢ ᠪᠠᠨ | ᠦᠨᠳᠦᠰᠦᠨ ᠳᠤ ᠪᠠᠨ 29000 ᠲᠦᠮᠡᠨ ᠲᠦᠭᠦᠷᠢᠭ ᠵᠠᠷᠤᠴᠠᠭᠤᠯᠵᠤ᠂ ᠪᠤᠰᠤᠳ ᠬᠦᠮᠦᠨ ᠢ ᠬᠦᠯᠦᠰᠦᠯᠡᠨ | ᠪᠠᠷᠢᠭᠤᠯᠤᠭᠰᠠᠨ ᠠᠴᠠ ᠪᠠᠨ ᠪᠠᠭ᠎ᠠ ᠳᠤ ᠪᠠᠨ 3 ᠲᠦᠮᠡᠨ ᠲᠦᠭᠦᠷᠢᠭ ᠠᠷᠪᠢᠯᠠᠭᠰᠠᠨᠪᠠᠶᠢᠨᠠ᠃ | ᠡᠬᠦᠨ ᠤ ᠵᠡᠷᠭᠡᠪᠡᠷ᠂ ᠡᠷᠳᠡᠨᠢᠳᠠᠯᠠᠢ ᠪᠠᠰᠠ ᠤᠶᠢᠷ᠎ᠠ ᠬᠠᠪᠢ ᠳᠤ ᠪᠠᠨ ᠨᠡᠷᠡᠲᠠᠢ ᠰᠠᠶᠢᠨ ᠡᠮᠨᠢᠭᠴᠢᠨ ᠪᠠᠶᠢᠵᠤ᠂ ᠵᠢᠯ ᠳᠤ | ᠪᠠᠨ ᠡᠮᠨᠢᠭ ᠤᠨᠤᠵᠤ ᠰᠤᠷᠭᠠᠨ ᠠᠮᠢᠳᠤᠷᠠᠯ ᠳᠤ ᠪᠠᠨ ᠪᠠᠭ᠎ᠠ ᠪᠤᠰᠤ ᠤᠷᠤᠯᠭ᠎ᠠ ᠨᠡᠮᠡᠷᠢᠯᠡᠨ᠂ ᠪᠦᠰᠡᠬᠦᠢ ᠤᠳᠬᠠᠠᠲᠤᠶᠠᠭᠠᠲ᠋ᠠᠢ | ᠪᠠᠨ ᠬᠠᠮᠳᠤ ᠰᠠᠨᠠᠭ᠎ᠠ ᠵᠠᠶᠠᠭ᠎ᠠ ᠪᠠᠨ ᠨᠢᠭᠡᠳᠬᠡᠨ᠂ ᠵᠤᠯ ᠵᠢᠷᠭᠠᠯᠲᠤ ᠠᠮᠢᠳᠤᠷᠠᠯ ᠢᠶᠠᠨ ᠴᠤᠭᠴᠠᠯᠠᠨ᠂ ᠰᠢᠨ᠎ᠡ ᠡᠷᠡᠨ ᠤ | ᠰᠢᠯᠢᠳᠡᠭ ᠮᠠᠯᠴᠢᠨ ᠤ ᠡᠩᠨᠡᠭᠡᠨ ᠳᠤ ᠰᠢᠭᠤᠷᠬᠠᠶᠢᠯᠠᠨ ᠲᠡᠮᠡᠦᠯᠡᠨ᠎ᠡ᠃ | |