ᠦᠨᠡᠨᠴᠢ ᠢᠲᠡᠭᠡᠮᠵᠢ ᠪᠠᠷ ᠢᠶᠠᠨ ᠨᠠᠮ ᠤᠨ ᠭᠡᠰᠢᠭᠦᠨ ᠤ ᠡᠭᠦᠷᠭᠡ ᠬᠠᠷᠢᠭᠤᠴᠠᠯᠭ᠎ᠠ ᠪᠠᠨ ᠦᠢᠯᠡᠳᠦᠯᠭᠡᠵᠢᠭᠦᠯᠵᠦ ᠶᠠᠪᠤᠭ᠎ᠠ ᠹᠧᠩ ᠢᠦᠢ ᠾᠧ
ᠨᠡᠶᠢᠲᠡᠯᠡᠭᠰᠡᠨ ᠴᠠᠭ᠄
2024/7/25
    ᠠᠵᠢᠯ ᠠᠴᠠ ᠪᠠᠨ ᠠᠮᠠᠷᠠᠭᠰᠠᠨ ᠠᠬᠠᠮᠠᠳ ᠨᠠᠮ ᠤᠨ ᠭᠡᠰᠢᠭᠦᠨ ᠹᠧᠩ ᠢᠦᠢ ᠾᠧ  ᠄ ︽ᠪᠢ ᠴᠠᠭ ᠢᠮᠠᠭᠲᠠ ᠨᠠᠮ ᠤᠨ ᠭᠡᠰᠢᠭᠦᠨ ᠭᠡᠳᠡᠭ ᠢᠶᠠᠨ ᠪᠠᠲᠤ ᠴᠡᠭᠡᠵᠢᠯᠡᠵᠦ᠂ ᠬᠦᠴᠢᠷ ᠢ ᠳᠠᠪᠠᠨ ᠤᠷᠤᠭᠰᠢᠯᠠᠵᠤ᠂ ᠬᠢᠵᠦ ᠳᠡᠶᠢᠯᠬᠦ ᠠᠵᠢᠯ ᠢᠶᠠᠨ ᠰᠠᠶᠢᠲᠤᠷ ᠬᠢᠵᠦ᠂ ᠬᠦᠴᠢᠷᠳᠡᠯ ᠲᠠᠢ ᠬᠦᠮᠦᠰ ᠢ ᠢᠯᠡᠭᠦᠬᠡᠨ ᠬᠠᠪᠰᠤᠷᠴᠤ᠂ ᠵᠠᠷᠢᠮ ᠬᠦᠴᠢᠷ ᠲᠦᠪᠡᠭᠲᠡᠢ ᠠᠰᠠᠭᠤᠳᠠᠯ ᠢ ᠨᠢ ᠰᠢᠢᠳᠪᠦᠷᠢᠯᠡᠵᠦ ᠥᠭᠭᠦᠨ᠎ᠡ︾ ᠭᠡᠵᠦ  ᠢᠲᠡᠭᠡᠯ ᠲᠡᠭᠦᠯᠳᠡᠷ ᠬᠡᠯᠡᠵᠦ ᠪᠠᠶᠢᠯ᠎ᠠ᠃    ᠦᠨᠡᠨᠴᠢ ᠢᠲᠡᠭᠡᠮᠵᠢᠲᠡᠢ ᠪᠠᠶᠢᠬᠤ ᠪᠣᠯ ᠳᠤᠮᠳᠠᠳᠤ ᠶᠢᠨ ᠦᠨᠳᠦᠰᠦᠲᠡᠨ ᠤ ᠤᠯᠠᠮᠵᠢᠯᠠᠯᠲᠤ ᠰᠠᠶᠢᠬᠠᠨ ᠵᠠᠩ ᠰᠤᠷᠲᠠᠯ ᠮᠥᠨ᠂ ᠥᠨᠢ ᠡᠷᠲᠡᠨ ᠠᠴᠠ ᠪᠠᠨ ᠨᠢᠭᠡ ᠬᠥᠮᠥᠨ ᠤ ᠦᠢᠯᠡ ᠠᠵᠢᠯᠯᠠᠭ᠎ᠠ ᠪᠠ ᠵᠠᠩ ᠴᠢᠨᠠᠷ ᠢ ᠬᠠᠷᠠᠭᠤᠯᠬᠤ ᠪᠠᠷᠢᠮᠵᠢᠶ᠎ᠠ ᠪᠣᠯᠣᠭᠰᠠᠭᠠᠷ ᠢᠷᠡᠭᠰᠡᠨ ᠶᠤᠮ᠃ 2023 ᠣᠨ ᠤ 6 ᠰᠠᠷ᠎ᠠ ᠳᠤ᠂ ᠪᠠᠷᠠᠭᠤᠨ ᠦᠵᠦᠮᠦᠴᠢᠨ ᠬᠤᠰᠢᠭᠤᠨ ᠤ ᠵᠠᠭᠠᠨ ᠬᠤᠰᠢᠭᠤ ᠵᠡᠭᠡᠯᠢ ᠶᠢᠨ ᠨᠠᠮ ᠤᠨ ᠭᠡᠰᠢᠭᠦᠨ ᠹᠧᠩ ᠢᠦᠢ ᠾᠧ ᠡᠮᠨᠡᠯᠭᠡ ᠳᠤ ᠬᠦᠷᠬᠦ ᠵᠠᠮ ᠳᠠᠭᠠᠨ 3000 ᠭᠠᠷᠤᠢ ᠲᠥᠭᠦᠷᠢᠭ ᠤᠨ ᠪᠡᠯᠡᠨ ᠵᠣᠭᠤᠰ᠂ ᠪᠡᠶ᠎ᠡ ᠶᠢᠨ ᠦᠨᠡᠮᠯᠡᠯ᠂ ᠪᠠᠩᠬᠢ ᠶᠢᠨ ᠺᠠᠷᠲ ᠵᠡᠷᠭᠡ ᠶᠢ ᠰᠠᠪᠠᠯᠠᠭᠰᠠᠨ ᠵᠣᠭᠤᠰᠤᠨ ᠴᠦᠩᠬᠦ  ᠶᠢ ᠣᠯᠵᠤ ᠠᠪᠴᠠᠢ᠃ ᠵᠣᠭᠤᠰᠤᠨ ᠴᠦᠩᠬᠦ ᠶᠢ ᠣᠯᠵᠤ ᠠᠪᠤᠮᠠᠭᠴᠠ ᠲᠡᠷᠡ ᠰᠠᠨᠠᠭᠠᠴᠢᠯᠠᠭ᠎ᠠ ᠠᠴᠠ ᠪᠠᠨ ᠥᠪᠡᠷ ᠤᠨ ᠪᠠᠶᠢᠭ᠎ᠠ ᠨᠠᠮ ᠤᠨ ᠵᠣᠬᠢᠶᠠᠨ ᠪᠠᠶᠢᠭᠤᠯᠤᠯᠲᠠ ᠲᠠᠢ ᠪᠠᠨ ᠬᠠᠷᠢᠯᠴᠠᠵᠤ᠂ ᠤᠯᠠᠨ ᠲᠠᠯ᠎ᠠ ᠪᠠᠷ ᠡᠷᠢᠵᠦ ᠰᠤᠷᠠᠭᠯᠠᠬᠤ ᠪᠠᠷ ᠲᠠᠮᠵᠢᠨ ᠭᠡᠭᠡᠭᠰᠡᠨ ᠡᠵᠡᠨ ᠢ ᠨᠢ ᠣᠯᠣᠭᠰᠠᠨ ᠪᠠᠶᠢᠨ᠎ᠠ᠃ ᠹᠧᠩ ᠢᠦᠢ ᠾᠧ ᠨᠥᠬᠦᠷ ᠠᠯᠳᠠ ᠣᠯᠣᠭᠰᠠᠨ ᠴᠤ ᠠᠮᠢᠨ ᠳᠠᠭᠠᠨ ᠠᠪᠳᠠᠭ ᠦᠭᠡᠢ ᠪᠣᠳᠠᠲᠤ ᠠᠵᠢᠯᠯᠠᠭ᠎ᠠ ᠪᠠᠷ ᠢᠶᠠᠨ ᠥᠪᠡᠷ ᠤᠨ ᠡᠷᠬᠢᠮ ᠳᠡᠭᠡᠳᠦ ᠵᠠᠩ ᠴᠢᠨᠠᠷ ᠪᠠ ᠰᠠᠶᠢᠨ ᠰᠠᠶᠢᠬᠠᠨ ᠨᠡᠶᠢᠭᠡᠮ ᠨᠡᠶᠢᠲᠡ  ᠶᠢᠨ ᠶᠣᠰᠣ ᠮᠣᠷᠠᠯ ᠢ ᠭᠦᠢᠴᠡᠳ ᠢᠯᠡᠷᠡᠭᠦᠯᠵᠦ᠂ ᠨᠠᠮ ᠤᠨ ᠭᠡᠰᠢᠭᠦᠨ ᠤ ᠡᠷᠬᠢᠮ ᠳᠡᠭᠡᠳᠦ ᠵᠠᠩ ᠴᠢᠨᠠᠷ ᠪᠠ ᠤᠶᠤᠨ ᠰᠠᠨᠠᠭᠠᠨ ᠤ ᠳᠦᠷᠰᠦ ᠪᠠᠶᠢᠳᠠᠯ ᠢ ᠬᠠᠷᠠᠭᠤᠯᠤᠭᠰᠠᠨ ᠪᠠᠶᠢᠨ᠎ᠠ᠃     ᠪᠠᠶᠠᠨᠬᠤᠰᠢᠭᠤ ᠨᠡᠶᠢᠭᠡᠮ ᠲᠣᠭᠤᠷᠢᠭ ᠤᠨ ᠰᠢᠯᠢᠳᠡᠭ ᠨᠠᠮ ᠤᠨ ᠭᠡᠰᠢᠭᠦᠨ ᠰᠠᠶᠢᠨ ᠳᠤᠷ᠎ᠠ ᠶᠢᠨ ᠠᠵᠢᠯᠯᠠᠭᠴᠢ ᠪᠣᠯᠬᠤ ᠹᠧᠩ ᠢᠦᠢ ᠾᠧ ᠥᠪᠡᠷ ᠤᠨ ᠳᠠᠪᠠᠭᠤᠯᠢᠭ ᠢᠶᠠᠨ ᠪᠠᠳᠠᠷᠠᠭᠤᠯᠵᠤ᠂ ᠡᠪ ᠬᠠᠮᠲᠤ ᠨᠠᠮ ᠤᠨ ᠭᠡᠰᠢᠭᠦᠨ ᠤ ᠰᠢᠯᠢᠳᠡᠭ ᠰᠤᠷᠲᠠᠯ  ᠢᠶᠠᠷ ᠡᠷᠬᠢᠨ ᠲᠣᠭᠤᠷᠢᠨ ᠤ ᠬᠥᠮᠥᠰ ᠵᠶ᠋ᠡᠨ‌ᠨᠥ᠋ᠯᠥᠭᠡᠯᠡᠬᠦ ᠪᠠᠷ ᠴᠢᠷᠮᠠᠶᠢᠵᠤ ᠶᠠᠪᠤᠭᠰᠠᠨ ᠢᠶᠠᠷ ᠪᠠᠷᠠᠬᠤ ᠦᠭᠡᠢ ᠰᠠᠶᠢᠨ ᠳᠤᠷ᠎ᠠ  ᠶᠢᠨ ᠦᠢᠯᠡᠴᠢᠯᠡᠭᠡᠨ ᠤ ᠦᠢᠯᠡᠰ ᠲᠤ ᠴᠤ ᠬᠠᠯᠠᠭᠤᠨ ᠰᠡᠳᠬᠢᠯᠭᠡ ᠲᠠᠢ ᠪᠠᠶᠢᠵᠤ᠂ ᠨᠡᠶᠢᠭᠡᠮ ᠨᠡᠶᠢᠲᠡ ᠶᠢᠨ  ᠡᠯ᠎ᠡ ᠵᠦᠢᠯ ᠤᠨ ᠠᠰᠠᠷᠠᠮᠵᠢ ᠶᠢᠨ ᠠᠵᠢᠯᠯᠠᠭ᠎ᠠ ᠳᠤ ᠢᠳᠡᠪᠬᠢᠲᠡᠢ ᠣᠷᠣᠯᠴᠠᠵᠤ᠂ ᠨᠠᠮ ᠤᠨ ᠭᠡᠰᠢᠭᠦᠨ ᠤ ᠬᠤᠰᠢᠭᠤᠴᠢ ᠵᠢᠱᠢᠶᠡᠴᠢ ᠶᠢᠨ ᠦᠢᠯᠡᠳᠦᠯ ᠢᠶᠠᠨ ᠪᠠᠳᠠᠷᠠᠭᠤᠯᠵᠤ᠂ ᠨᠡᠶᠢᠭᠡᠮ ᠲᠣᠭᠤᠷᠢᠭ ᠤᠨ ᠣᠷᠴᠢᠨ ᠠᠬᠤᠢ ᠶᠢᠨ ᠡᠷᠡᠭᠦᠯ ᠬᠠᠮᠠᠭᠠᠯᠠᠯ ᠤᠨ ᠡᠯ᠎ᠡ ᠵᠦᠢᠯ ᠤᠨ ᠠᠵᠢᠯᠯᠠᠭ᠎ᠠ ᠳᠤ ᠢᠳᠡᠪᠬᠢᠲᠡᠢ ᠣᠷᠣᠯᠴᠠᠭᠰᠠᠨ ᠪᠠᠶᠢᠨ᠎ᠠ᠃    ᠨᠢᠭᠡᠨ ᠨᠠᠮ ᠤᠨ ᠭᠡᠰᠢᠭᠦᠨ ᠪᠣᠯ ᠳᠠᠷᠤᠢ ᠨᠢᠭᠡ ᠲᠤᠭ ᠲᠡᠮᠳᠡᠭ ᠮᠥᠨ᠃ ᠹᠧᠩ ᠢᠦᠢ ᠾᠧ ᠨᠢᠭᠡᠨ ᠨᠠᠮ ᠤᠨ ᠭᠡᠰᠢᠭᠦᠨ ᠪᠣᠯᠤᠭᠰᠠᠨ ᠤ ᠬᠤᠪᠢ ᠳᠤ᠂ ᠰᠠᠭᠤᠭᠠᠯᠢ ᠠᠷᠠᠳ ᠤᠨ ᠲᠥᠯᠥᠭᠡ ᠵᠢᠳᠬᠦᠵᠦ᠂ ᠬᠤᠪᠢ ᠨᠡᠮᠡᠷᠢ ᠪᠠᠨ ᠦᠵᠡᠭᠦᠯᠦᠨ᠂ ᠥᠪᠡᠷ  ᠤᠨ ᠠᠮᠢᠳᠤᠷᠠᠬᠤᠢ ᠶᠢᠨ ᠦᠨ᠎ᠡ ᠦᠷᠳᠡᠭ ᠢᠶᠠᠨ ᠪᠠᠳᠠᠷᠠᠭᠤᠯᠤᠨ᠂ ᠡᠭᠦᠷᠭᠡ ᠬᠠᠷᠢᠭᠤᠴᠠᠯᠭ᠎ᠠ ᠪᠠᠨ ᠡᠭᠦᠷᠭᠡᠯᠡᠨ ᠤᠭ ᠰᠠᠨᠠᠭ᠎ᠠ ᠪᠠᠨ ᠦᠢᠯᠡᠳᠦᠯᠬᠡᠵᠢᠭᠦᠯᠵᠤ ᠶᠠᠪᠤᠭᠰᠠᠨ ᠪᠠᠶᠢᠨ᠎ᠠ᠃    ᠪᠠᠷᠠᠭᠤᠨ ᠦᠵᠦᠮᠦᠴᠢᠨ ᠬᠤᠰᠢᠭᠤᠨ ᠤ ᠪᠠᠶᠠᠨᠬᠤᠰᠢᠭᠤ ᠨᠡᠶᠢᠭᠡᠮ ᠲᠣᠭᠤᠷᠢᠭ ᠤᠨ ᠰᠢᠯᠢᠳᠡᠭ ᠨᠠᠮ ᠤᠨ ᠭᠡᠰᠢᠭᠦᠨ ᠰᠠᠶᠢᠨ ᠳᠤᠷ᠎ᠠ ᠶᠢᠨ ᠠᠵᠢᠯᠯᠠᠭᠴᠢ ᠹᠧᠩ ᠢᠦᠢ ᠾᠧ᠄ ︽ᠪᠢ ᠨᠢᠭᠡᠨ ᠨᠠᠮ ᠤᠨ ᠭᠡᠰᠢᠭᠦᠨ ᠪᠤᠯᠤᠭᠰᠠᠨ ᠤ ᠬᠤᠪᠢ ᠳᠤ᠂ ᠬᠦᠴᠢᠷ ᠪᠡᠷᠬᠡ ᠶᠢ ᠰᠥᠷᠦᠨ ᠤᠷᠤᠭᠰᠢᠯᠠᠵᠤ᠂ ᠤᠯᠤᠰ ᠣᠷᠣᠨ ᠳᠠᠭᠠᠨ ᠬᠦᠴᠦᠨ ᠵᠢᠳᠬᠦᠯ ᠢᠶᠠᠨ ᠡᠷᠭᠦᠬᠦ ᠪᠠᠷ ᠢᠮᠠᠭᠲᠠ ᠴᠢᠷᠮᠠᠶᠢᠨ᠎ᠠ᠃ ᠨᠠᠮ ᠤᠨ ᠭᠡᠰᠢᠭᠦᠨ ᠭᠡᠳᠡᠭ ᠢᠶᠠᠨ ᠴᠠᠭ ᠢᠮᠠᠭᠲᠠ ᠴᠡᠭᠡᠵᠢᠯᠡᠵᠦ᠂ ᠤᠯᠤᠰ ᠣᠷᠣᠨ ᠳᠠᠭᠠᠨ ᠬᠤᠪᠢ ᠨᠡᠮᠡᠷᠢ  ᠪᠠᠨ ᠦᠵᠡᠭᠦᠯᠬᠦ ᠪᠣᠯ ᠨᠢᠭᠡᠨ ᠨᠠᠮ ᠤᠨ ᠭᠡᠰᠢᠭᠦᠨ ᠤ ᠬᠠᠮᠤᠭ ᠤᠨ ᠦᠨᠳᠦᠰᠦᠨ ᠡᠭᠦᠷᠭᠡ ᠮᠥᠨ᠃ ᠪᠢ ᠣᠯᠠᠨ ᠲᠦᠮᠡᠨ ᠳᠤ ᠠᠰᠢᠭᠲᠠᠢ ᠶᠠᠪᠤᠳᠠᠯ ᠢᠯᠡᠭᠦᠭᠡᠨ ᠬᠢᠵᠤ᠂ ᠬᠦᠴᠢᠷᠷᠲᠠᠢ ᠬᠦᠮᠦᠰ ᠢ ᠬᠠᠪᠰᠣᠷᠴᠣ᠂ ᠨᠡᠶᠢᠭᠡᠮ ᠲᠤᠭᠤᠷᠢᠭ ᠲᠤ ᠪᠠᠨ ᠢᠯᠡᠭᠦᠬᠡᠨ ᠲᠤᠰᠠ ᠲᠠᠢ ᠠᠵᠢᠯ ᠬᠢᠵᠤ ᠥᠭᠬᠦᠨ᠎ᠡ︾ ᠭᠡᠯ᠎ᠡ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号