2024 ᠣᠨ  ᠤ ᠰᠢᠯᠢ ᠶᠢᠨ ᠭᠤᠣᠯ ᠠᠶᠢᠮᠠᠭ ᠤᠨ ᠳᠤᠮᠳᠠᠳᠤ ᠪᠠᠭ᠎ᠠ ᠰᠤᠷᠭᠠᠭᠤᠯᠢ ᠶᠢᠨ ​ ᠬᠢᠴᠢᠶᠡᠯ ᠤᠨ ᠵᠠᠪᠰᠠᠷᠯᠠᠭ᠎ᠠ ᠶᠢᠨ ᠲᠠᠮᠢᠷ ᠤᠨ ᠤᠷᠤᠯᠳᠤᠭᠠᠨ ᠪᠠᠷᠠᠭᠤᠨ ᠦᠵᠦᠮᠦᠴᠢᠨ ᠬᠤᠰᠢᠭᠤᠨ ᠳᠤ ᠠᠮᠵᠢᠯᠲᠠᠲᠠᠢ ᠶᠠᠪᠤᠭᠳᠠᠪᠠ
ᠨᠡᠶᠢᠲᠡᠯᠡᠭᠰᠡᠨ ᠴᠠᠭ᠄
2024/7/22
     7 ᠰᠠᠷ᠎ᠠ ᠶᠢᠨ 15 ᠤ ᠡᠳᠦᠷ᠂ ᠰᠢᠯᠢ ᠶᠢᠨ ᠭᠤᠣᠯ ᠠᠶᠢᠮᠠᠭ ᠤᠨ ᠰᠤᠷᠭᠠᠨ ᠬᠥᠮᠦᠵᠢᠯ ᠤᠨ ᠲᠣᠪᠴᠢᠶ᠎ᠠ ᠠᠴᠠ ᠭᠤᠣᠯᠯᠠᠨ ᠡᠷᠭᠢᠯᠡᠵᠦ᠂ ᠪᠠᠷᠠᠭᠤᠨ ᠦᠵᠦᠮᠦᠴᠢᠨ ᠬᠤᠰᠢᠭᠤᠨ ᠤ ᠰᠤᠷᠭᠠᠨ ᠬᠥᠮᠦᠵᠢᠯ ᠤᠨ ᠲᠣᠪᠴᠢᠶ᠎ᠠ ᠠᠴᠠ ᠳᠠᠭᠠᠭᠠᠴᠢᠯᠠᠨ ᠡᠷᠭᠢᠯᠡᠭᠰᠡᠨ 2024 ᠣᠨ ᠤ ᠰᠢᠯᠢ ᠶᠢᠨ ᠭᠤᠣᠯ ᠠᠶᠢᠮᠠᠭ ᠤᠨ ᠳᠤᠮᠳᠠᠳᠤ ᠪᠠᠭ᠎ᠠ ᠰᠤᠷᠭᠠᠭᠤᠯᠢ ᠶᠢᠨ ᠬᠢᠴᠢᠶᠡᠯ ᠤᠨ ᠵᠠᠪᠰᠠᠷᠯᠠᠭ᠎ᠠ ᠶᠢᠨ ᠲᠠᠮᠢᠷ ᠤᠨ ᠤᠷᠤᠯᠳᠤᠭᠠᠨ ᠪᠠᠷᠠᠭᠤᠨ ᠦᠵᠦᠮᠦᠴᠢᠨ ᠬᠤᠰᠢᠭᠤᠨ ᠳᠤ ᠶᠠᠪᠤᠭᠳᠠᠪᠠ᠃     ᠲᠤᠰ ᠣᠳᠠᠭᠠᠨ ᠤ ᠤᠷᠤᠯᠳᠤᠭᠠᠨ ᠢ ᠬᠡᠪ ᠴᠢᠨᠠᠷ ᠤᠨ ᠰᠤᠷᠭᠠᠨ ᠬᠥᠮᠦᠵᠢᠯ ᠢ ᠶᠡᠬᠡᠪᠡᠷ ᠬᠡᠷᠡᠭᠵᠢᠭᠦᠯᠵᠦ᠂ ᠰᠢᠨ᠎ᠡ ᠴᠠᠭ ᠦᠶ᠎ᠡ ᠶᠢᠨ ᠰᠤᠷᠭᠠᠭᠤᠯᠢ ᠶᠢᠨ ᠪᠡᠶ᠎ᠡ ᠶᠢᠨ ᠲᠠᠮᠢᠷ ᠤᠨ ᠠᠵᠢᠯ ᠢ ᠪᠦᠬᠦ ᠲᠠᠯ᠎ᠠ ᠪᠠᠷ ᠴᠢᠩᠭᠠᠳᠬᠠᠨ᠂ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠶᠡᠷᠦᠩᠬᠡᠶᠢᠯᠡᠭᠰᠡᠨ ᠬᠡᠪ ᠴᠢᠨᠠᠷ ᠢ ᠳᠡᠭᠡᠭᠰᠢᠯᠡᠭᠦᠯᠵᠦ᠂ ᠰᠤᠷᠭᠠᠭᠤᠯᠢ ᠶᠢᠨ ᠬᠦᠷᠢᠶᠡᠨ ᠤ ᠰᠣᠶᠣᠯ ᠲᠠᠮᠢᠷ ᠤᠨ ᠠᠭᠤᠯᠭ᠎ᠠ ᠶᠢ ᠪᠠᠶᠠᠯᠢᠭᠵᠢᠭᠤᠯᠬᠤ ᠵᠣᠷᠢᠯᠭ᠎ᠠ ᠠᠴᠠ ᠶᠠᠪᠤᠭᠳᠠᠭᠤᠯᠵᠠᠢ᠃     ᠣᠶᠢᠯᠠᠭᠠᠭᠰᠠᠨ ᠢᠶᠠᠷ᠂ ᠪᠥᠬᠦ ᠠᠶᠢᠮᠠᠭ ᠤᠨ ᠡᠯ᠎ᠡ ᠬᠤᠰᠢᠭᠤ ᠰᠢᠶᠠᠨ ᠬᠤᠲᠠ ᠶᠢᠨ ᠳᠤᠮᠳᠠᠳᠤ ᠪᠠᠭ᠎ᠠ ᠰᠤᠷᠭᠠᠭᠤᠯᠢ ᠶᠢᠨ 32 ᠲᠥᠯᠥᠭᠡᠯᠡᠭᠴᠢᠳ ᠤᠨ ᠠᠩᠭᠢ ᠤᠷᠤᠯᠳᠤᠭᠠᠨ ᠳᠤ ᠣᠷᠣᠯᠴᠠᠵᠤ᠂ ᠤᠷᠤᠯᠳᠤᠭᠠᠨ ᠨᠢ ᠪᠠᠭ᠎ᠠ ᠰᠤᠷᠭᠠᠭᠤᠯᠢ ᠶᠢᠨ ᠳᠤᠭᠤᠶᠢᠯᠠᠩ ᠪᠣᠯᠣᠨ ᠳᠤᠮᠳᠠᠳᠤ ᠰᠤᠷᠭᠠᠭᠤᠯᠢ ᠶᠢᠨ ᠳᠤᠭᠤᠶᠢᠯᠠᠩ ᠬᠤᠪᠢᠶᠠᠵᠤ᠂ ᠭᠤᠣᠯᠳᠠᠭᠤ ᠬᠢᠴᠢᠶᠡᠯ ᠤᠨ ᠵᠠᠪᠰᠠᠷᠯᠠᠭ᠎ᠠ  ᠶᠢᠨ ᠲᠠᠮᠢᠷ ᠤᠨ ᠳᠦᠷᠢᠮᠵᠢᠭᠰᠡᠨ ᠬᠥᠳᠡᠯᠭᠡᠭᠡᠨ᠂ ᠴᠢᠯᠦᠭᠡᠲᠦ ᠲᠣᠬᠢᠷᠠᠭᠤᠯᠤᠯᠲᠠ᠂ ᠡᠩᠨᠡᠭᠡᠨ ᠤ ᠬᠤᠪᠢᠷᠠᠯᠲᠠ᠂ ᠵᠢᠭᠳᠡ  ᠬᠥᠳᠡᠯᠭᠡᠭᠡᠨ᠂ ᠡᠮᠦᠰᠬᠡᠯ ᠵᠠᠰᠠᠯ  ᠵᠡᠷᠭᠡ ᠶᠢ ᠦᠨᠳᠦᠰᠦᠯᠡᠵᠦ ᠬᠤᠪᠢ ᠤᠯᠭᠤᠵᠠᠢ᠃     ᠤᠷᠤᠯᠳᠤᠭᠠᠨ ᠤ ᠲᠠᠯᠠᠪᠤᠷ ᠲᠤ ᠲᠠᠮᠢᠷᠴᠢᠳ ᠴᠤᠭ ᠵᠢᠪᠬᠤᠭ᠎ᠠ ᠪᠠᠳᠠᠷᠠᠩᠭᠤᠢ ᠲᠡᠷᠢ ᠲᠡᠭᠰᠢ ᠠᠯᠬᠤᠭ᠎ᠠ᠂ ᠢᠳᠡᠷᠡᠭᠦᠨ ᠳᠣᠷᠪᠢᠲᠠᠢ ᠬᠥᠳᠡᠯᠦᠯ ᠪᠠᠷᠢᠯ᠂ ᠪᠠᠷᠢᠮᠵᠢᠶᠠᠲᠤ ᠬᠥᠳᠡᠯᠭᠡᠭᠡᠨ᠂ ᠤᠷᠠᠨ ᠴᠤᠪᠤᠭᠤᠯᠢᠭ ᠳᠦᠷᠢ ᠪᠠᠶᠢᠳᠠᠯ ᠢᠶᠠᠷ  ᠢᠶᠠᠨ ᠰᠢᠨ᠎ᠡ ᠴᠠᠭ ᠦᠶ᠎ᠡ ᠶᠢᠨ ᠵᠠᠯᠠᠭᠤᠴᠤᠳ ᠪᠠᠭᠠᠴᠤᠳ ᠤᠨ ᠢᠳᠡᠪᠬᠢᠲᠡᠢ ᠪᠠᠷ ᠥᠭᠡᠳᠡᠯᠡᠨ ᠲᠠᠪᠰᠢᠬᠤ᠂ ᠪᠦᠯᠬᠦᠮᠳᠡᠨ ᠲᠡᠮᠡᠴᠡᠬᠦ ᠤᠶᠤᠨ ᠰᠠᠨᠠᠭᠠᠨ ᠤ ᠳᠦᠷᠰᠦ ᠪᠠᠶᠢᠳᠠᠯ ᠢ ᠢᠯᠡᠷᠡᠭᠦᠯᠵᠦ᠂ ᠬᠢᠴᠢᠶᠡᠯ ᠤᠨ ᠵᠠᠪᠰᠠᠷᠯᠠᠭ᠎ᠠ ᠶᠢᠨ ᠲᠠᠮᠢᠷ ᠤᠨ ᠴᠢᠯᠦᠭᠡᠲᠦ ᠨᠠᠶᠢᠷᠠᠭᠤᠯᠭ᠎ᠠ  ᠶᠢᠨ ᠬᠡᠰᠡᠭ ᠨᠢ ᠨᠡᠩ ᠴᠤ ᠭᠤᠶᠢᠳᠠ ᠰᠠᠶᠢᠬᠠᠨ ᠣᠷᠠᠨ ᠠᠪᠢᠶᠠᠰᠤᠯᠢᠭ ᠪᠠᠶᠢᠵᠤ᠂ ᠡᠯ᠎ᠡ ᠲᠥᠯᠥᠭᠡᠯᠡᠭᠴᠢᠳ ᠤᠨ ᠠᠩᠭᠢ ᠨᠢ ᠥᠪᠡᠷᠮᠢᠴᠡ ᠣᠨᠴᠠᠯᠢᠭ  ᠲᠠᠢ ᠪᠥᠵᠢᠭ᠂ ᠵᠡᠪᠰᠡᠭ ᠤᠨ ᠡᠷᠳᠡᠮ᠂ ᠪᠡᠶ᠎ᠡ ᠶᠢᠨ ᠲᠠᠮᠢᠷ ᠵᠡᠷᠭᠡ ᠡᠯᠧᠮᠧᠨ᠋ᠲ ᠢ ᠬᠢᠴᠢᠶᠡᠯ ᠤᠨ ᠵᠠᠪᠰᠠᠷᠯᠠᠭ᠎ᠠ ᠶᠢᠨ ᠲᠠᠮᠢᠷ ᠲᠤ ᠤᠷᠠᠨ ᠢᠶᠠᠷ ᠠᠭᠤᠰᠬᠠᠨ᠂ ᠬᠢᠴᠢᠶᠡᠯ ᠤᠨ ᠵᠠᠪᠰᠠᠷᠯᠠᠭ᠎ᠠ ᠶᠢᠨ ᠲᠠᠮᠢᠷ ᠢ ᠨᠡᠩ ᠰᠣᠨᠢᠷᠬᠠᠯᠲᠠᠢ᠂ ᠬᠥᠭᠵᠢᠶᠡᠨᠲᠡᠢ ᠪᠣᠯᠭᠠᠵᠤ᠂ ᠦᠵᠡᠭᠴᠢᠳ ᠤᠨ ᠠᠩᠬᠠᠷᠣᠯ ᠢ ᠲᠠᠳᠠᠭᠰᠠᠨ ᠪᠠᠶᠢᠨ᠎ᠠ᠃ᠬᠤᠷᠴᠠ ᠰᠢᠷᠦᠭᠦᠨ ᠥᠷᠢᠰᠦᠯᠳᠦᠭᠡᠨ ᠢᠶᠠᠷ ᠳᠡᠮᠵᠢᠨ᠂ ᠪᠠᠷᠠᠭᠤᠨ ᠦᠵᠦᠮᠦᠴᠢᠨ ᠬᠤᠰᠢᠭᠤᠨ ᠤ ᠠᠩᠬ᠎ᠠ ᠵᠡᠷᠭᠡ ᠶᠢᠨ ᠨᠢᠭᠡᠳᠦᠭᠡᠷ ᠳᠤᠮᠳᠠᠳᠤ ᠰᠤᠷᠭᠠᠭᠤᠯᠢ᠂ ᠰᠢᠯᠢ ᠶᠢᠨ ᠭᠤᠣᠯ ᠠᠶᠢᠮᠠᠭ ᠤᠨ ᠮᠣᠩᠭᠤᠯ ᠦᠨᠳᠦᠰᠦᠲᠡᠨ ᠤ ᠳᠤᠮᠳᠠᠳᠤ ᠰᠤᠷᠭᠠᠭᠤᠯᠢ ᠂ ᠰᠢᠯᠢᠩᠬᠤᠲᠠ ᠶᠢᠨ ᠮᠣᠩᠭᠤᠯ ᠦᠨᠳᠦᠰᠦᠲᠡᠨ ᠤ ᠳᠤᠮᠳᠠᠳᠤ ᠰᠤᠷᠭᠠᠭᠤᠯᠢ ᠨᠢ ᠳᠤᠮᠳᠠᠳᠤ ᠰᠤᠷᠭᠠᠭᠤᠯᠢ ᠶᠢᠨ ᠳᠤᠭᠤᠶᠢᠯᠠᠩ ᠤᠨ ᠨᠢᠭᠡᠳᠦᠭᠡᠷ ᠳᠡᠰ ᠲᠤ ᠲᠣᠳᠣᠷᠠᠵᠤ᠂ ᠬᠥᠪᠡᠭᠡᠲᠦ ᠰᠢᠷ᠎ᠠ ᠬᠤᠰᠢᠭᠤᠨ ᠤ ᠨᠢᠭᠡᠳᠦᠭᠡᠷ ᠳᠤᠮᠳᠠᠳᠤ ᠰᠤᠷᠭᠠᠭᠤᠯᠢ᠂ ᠡᠷᠢᠶᠡᠨ ᠬᠤᠲᠠ ᠶᠢᠨ ᠬᠤᠶᠠᠳᠤᠭᠠᠷ ᠳᠤᠮᠳᠠᠳᠤ ᠰᠤᠷᠭᠠᠭᠤᠯᠢ᠂ ᠪᠠᠷᠠᠭᠤᠨ ᠦᠵᠦᠮᠦᠴᠢᠨ ᠬᠤᠰᠢᠭᠤᠨ ᠤ ᠶᠡᠷᠦᠩᠬᠡᠶᠢᠯᠡᠭᠰᠡᠨ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠨᠢ ᠳᠤᠮᠳᠠᠳᠤ ᠰᠤᠷᠭᠠᠭᠤᠯᠢ ᠶᠢᠨ ᠳᠤᠭᠤᠶᠢᠯᠠᠩ ᠤᠨ ᠬᠤᠶᠠᠳᠤᠭᠠᠷ ᠳᠡᠰ  ᠲᠤ ᠣᠷᠣᠵᠤ᠂ ᠳᠣᠯᠣᠨ ᠨᠠᠭᠤᠷ ᠰᠢᠶᠠᠨ ᠤ ᠭᠤᠷᠪᠠᠳᠤᠭᠠᠷ ᠳᠤᠮᠳᠠᠳᠤ ᠰᠤᠷᠭᠠᠭᠤᠯᠢ᠂ ᠰᠢᠯᠤᠭᠤᠨ ᠬᠥᠪᠡᠭᠡᠲᠦ ᠴᠠᠭᠠᠨ ᠬᠤᠰᠢᠭᠤᠨ ᠤ ᠨᠢᠭᠡᠳᠦᠭᠡᠷ ᠳᠤᠮᠳᠠᠳᠤ ᠰᠤᠷᠭᠠᠭᠤᠯᠢ᠂ ᠵᠡᠭᠦᠨ ᠦᠵᠦᠮᠦᠴᠢᠨ ᠬᠤᠰᠢᠭᠤᠨ ᠤ ᠬᠤᠶᠠᠳᠤᠭᠠᠷ ᠳᠤᠮᠳᠠᠳᠤ ᠰᠤᠷᠭᠠᠭᠤᠯᠢ᠂ ᠰᠥᠨᠢᠳ ᠪᠠᠷᠠᠭᠤᠨ ᠬᠤᠰᠢᠭᠤᠨ ᠤ ᠭᠤᠷᠪᠠᠳᠤᠭᠠᠷ ᠳᠤᠮᠳᠠᠳᠤ ᠰᠤᠷᠭᠠᠭᠤᠯᠢ᠂ ᠰᠢᠯᠤᠭᠤᠨ ᠬᠥᠬᠡ ᠬᠤᠰᠢᠭᠤᠨ ᠤ ᠭᠤᠷᠪᠠᠳᠤᠭᠠᠷ ᠳᠤᠮᠳᠠᠳᠤ ᠰᠤᠷᠭᠠᠭᠤᠯᠢ ᠨᠢ ᠳᠤᠮᠳᠠᠳᠤ ᠰᠤᠷᠭᠠᠭᠤᠯᠢ ᠶᠢᠨ ᠳᠤᠭᠤᠶᠢᠯᠠᠩ ᠤᠨ ᠭᠤᠷᠪᠠᠳᠤᠭᠠᠷ ᠳᠡᠰ ᠤᠨ ᠱᠠᠩᠨᠠᠯ ᠭᠥᠷᠳᠡᠪᠡ᠃      ᠪᠠᠷᠠᠭᠤᠨ ᠦᠵᠦᠮᠦᠴᠢᠨ ᠬᠤᠰᠢᠭᠤᠨ ᠤ ᠳᠥᠷᠪᠡᠳᠦᠭᠡᠷ ᠪᠠᠭ᠎ᠠ ᠰᠤᠷᠭᠠᠭᠤᠯᠢ᠂ ᠰᠢᠯᠢᠩᠬᠤᠲᠠ ᠶᠢᠨ ᠠᠷᠪᠠᠳᠤᠭᠠᠷ ᠪᠠᠭ᠎ᠠ ᠰᠤᠷᠭᠠᠭᠤᠯᠢ᠂ ᠪᠠᠷᠠᠭᠤᠨ ᠦᠵᠦᠮᠦᠴᠢᠨ ᠬᠤᠰᠢᠭᠤᠨ ᠤ ᠨᠢᠭᠡᠳᠦᠭᠡᠷ ᠪᠠᠭ᠎ᠠ ᠰᠤᠷᠭᠠᠭᠤᠯᠢ ᠨᠢ ᠪᠠᠭ᠎ᠠ ᠰᠤᠷᠭᠠᠭᠤᠯᠢ ᠶᠢᠨ ᠳᠤᠭᠤᠶᠢᠯᠠᠩ ᠤᠨ ᠨᠢᠭᠡᠳᠦᠭᠡᠷ ᠳᠡᠰ  ᠲᠤ ᠲᠤᠳᠤᠷᠠᠵᠤ᠂ ᠵᠡᠭᠦᠨ ᠦᠵᠦᠮᠦᠴᠢᠨ ᠬᠤᠰᠢᠭᠤᠨ ᠤ ᠬᠤᠶᠠᠳᠤᠭᠠᠷ ᠪᠠᠭ᠎ᠠ ᠰᠤᠷᠭᠠᠭᠤᠯᠢ᠂ ᠰᠢᠯᠢᠩᠬᠤᠲᠠ ᠶᠢᠨ ᠠᠷᠪᠠᠨ ᠳᠥᠷᠪᠡᠳᠦᠭᠡᠷ ᠪᠠᠭ᠎ᠠ ᠰᠤᠷᠭᠠᠭᠤᠯᠢ᠂ ᠡᠷᠢᠶᠡᠨ ᠬᠤᠲᠠ ᠶᠢᠨ ᠨᠢᠭᠡᠳᠦᠭᠡᠷ ᠪᠠᠭ᠎ᠠ ᠰᠤᠷᠭᠠᠭᠤᠯᠢ᠂ ᠰᠢᠯᠤᠭᠤᠨ ᠬᠥᠪᠡᠭᠡᠲᠦ ᠴᠠᠭᠠᠨ ᠬᠤᠰᠢᠭᠤᠨ ᠤ ᠨᠢᠭᠡᠳᠦᠭᠡᠷ ᠪᠠᠭ᠎ᠠ ᠰᠤᠷᠭᠠᠭᠤᠯᠢ ᠨᠢ ᠪᠠᠭ᠎ᠠ ᠰᠤᠷᠭᠠᠭᠤᠯᠢ ᠶᠢᠨ ᠳᠤᠭᠤᠶᠢᠯᠠᠩ ᠤᠨ ᠬᠤᠶᠠᠳᠤᠭᠠᠷ ᠳᠡᠰ  ᠲᠤ ᠣᠷᠣᠵᠤ᠂ ᠲᠠᠶᠢᠹᠦᠰᠧ ᠬᠤᠰᠢᠭᠤᠨ ᠤ ᠨᠢᠭᠡᠳᠦᠭᠡᠷ ᠪᠠᠭ᠎ᠠ ᠰᠤᠷᠭᠠᠭᠤᠯᠢ᠂ ᠳᠣᠯᠣᠨ ᠨᠠᠭᠤᠷ ᠰᠢᠶᠠᠨ ᠤ ᠭᠤᠷᠪᠠᠳᠤᠭᠠᠷ ᠪᠠᠭ᠎ᠠ ᠰᠤᠷᠭᠠᠭᠤᠯᠢ᠂ ᠠᠪᠠᠭ᠎ᠠ ᠬᠤᠰᠢᠭᠤᠨ ᠤ ᠨᠢᠭᠡᠳᠦᠭᠡᠷ ᠪᠠᠭ᠎ᠠ ᠰᠤᠷᠭᠠᠭᠤᠯᠢ᠂ ᠰᠢᠯᠤᠭᠤᠨ ᠬᠥᠬᠡ ᠬᠤᠰᠢᠭᠤᠨ ᠤ ᠬᠠᠪᠢᠷᠭ᠎ᠠ ᠪᠠᠭ᠎ᠠ ᠰᠤᠷᠭᠠᠭᠤᠯᠢ᠂ ᠰᠥᠨᠢᠳ ᠵᠡᠭᠦᠨ ᠬᠤᠰᠢᠭᠤᠨ ᠤ ᠨᠢᠭᠡᠳᠦᠭᠡᠷ ᠪᠠᠭ᠎ᠠ ᠰᠤᠷᠭᠠᠭᠤᠯᠢ ᠨᠢ ᠪᠠᠭ᠎ᠠ ᠰᠤᠷᠭᠠᠭᠤᠯᠢ ᠶᠢᠨ ᠳᠤᠭᠤᠶᠢᠯᠠᠩ ᠤᠨ ᠭᠤᠷᠪᠠᠳᠤᠭᠠᠷ ᠳᠡᠰ ᠤᠨ ᠱᠠᠩᠨᠠᠯ ᠭᠥᠷᠳᠡᠪᠡ᠃     ᠤᠯᠠᠭᠠᠢ ᠬᠠᠮᠢᠶᠠᠷᠤᠯᠲᠠ ᠶᠢᠨ ᠣᠷᠣᠨ ᠤ ᠬᠤᠶᠠᠳᠤᠭᠠᠷ ᠳᠤᠮᠳᠠᠳᠤ ᠰᠤᠷᠭᠠᠭᠤᠯᠢ᠂ ᠲᠠᠶᠢᠹᠦᠰᠧ ᠬᠤᠰᠢᠭᠤᠨ ᠤ ᠪᠣᠣᠴᠠᠩ ᠨᠢᠭᠡᠳᠦᠭᠡᠷ ᠳᠤᠮᠳᠠᠳᠤ ᠰᠤᠷᠭᠠᠭᠤᠯᠢ ᠨᠢ ᠪᠡᠶ᠎ᠡ ᠶᠢᠨ ᠲᠠᠮᠢᠷ ᠤᠨ ᠶᠣᠰᠣ ᠰᠤᠷᠲᠠᠬᠤᠨ ᠤ ᠱᠠᠩᠨᠠᠯ ᠬᠥᠷᠲᠡᠵᠦ᠂ ᠰᠢᠯᠢᠩᠬᠤᠲᠠ ᠶᠢᠨ ᠣᠨᠴᠠᠭᠠᠢ ᠰᠤᠷᠭᠠᠨ ᠬᠥᠮᠦᠵᠢᠯ ᠤᠨ ᠰᠤᠷᠭᠠᠭᠤᠯᠢ᠂ ᠬᠥᠪᠡᠭᠡᠲᠦ ᠰᠢᠷ᠎ᠠ ᠬᠤᠰᠢᠭᠤᠨ ᠤ ᠰᠤᠷᠭᠠᠨ ᠬᠥᠮᠦᠵᠢᠯ ᠤᠨ ᠲᠣᠪᠴᠢᠶ᠎ᠠ᠂ ᠰᠥᠨᠢᠳ ᠵᠡᠭᠦᠨ ᠬᠤᠰᠢᠭᠤᠨ ᠤ ᠰᠤᠷᠭᠠᠨ ᠬᠥᠮᠦᠵᠢᠯ ᠤᠨ ᠲᠣᠪᠴᠢᠶ᠎ᠠ᠂ ᠰᠢᠯᠢ ᠶᠢᠨ ᠭᠤᠣᠯ ᠠᠶᠢᠮᠠᠭ ᠤᠨ ᠬᠤᠶᠠᠳᠤᠭᠠᠷ ᠳᠤᠮᠳᠠᠳᠤ ᠰᠤᠷᠭᠠᠭᠤᠯᠢ᠂ ᠲᠠᠶᠢᠹᠤᠰᠧ ᠬᠤᠰᠢᠭᠤᠨ ᠤ ᠰᠤᠷᠭᠠᠨ ᠬᠥᠮᠦᠵᠢᠯ ᠤᠨ ᠲᠣᠪᠴᠢᠶ᠎ᠠ᠂ ᠠᠪᠠᠭ᠎ᠠ ᠬᠤᠰᠢᠭᠤᠨ ᠤ ᠰᠤᠷᠭᠠᠨ ᠬᠥᠮᠦᠵᠢᠯ ᠤᠨ ᠲᠣᠪᠴᠢᠶ᠎ᠠ᠂ ᠤᠯᠠᠭᠠᠢ ᠬᠠᠮᠢᠶᠠᠷᠤᠯᠲᠠ ᠶᠢᠨ ᠣᠷᠣᠨ ᠤ ᠰᠤᠷᠭᠠᠨ ᠬᠥᠮᠦᠵᠢᠯ ᠤᠨ ᠲᠣᠪᠴᠢᠶ᠎ᠠ ᠰᠢᠯᠢᠳᠡᠭ ᠵᠣᠬᠢᠶᠠᠨ ᠪᠠᠶᠢᠭᠤᠯᠤᠯᠲᠠ ᠶᠢᠨ ᠱᠠᠩᠨᠠᠯ  ᠬᠥᠷᠲᠡᠪᠡ᠃      ᠵᠠᠩ ᠪᠠᠨ ᠭᠠᠩ᠂ ᠶᠤᠸᠠᠢ ᡁᠢ ᠾᠦᠢ᠂ ᠮᠥᠩᠬᠡᠴᠡᠴᠡᠭ᠂ ᠠᠶᠠᠰ ᠵᠡᠷᠭᠡ 13 ᠪᠠᠭᠰᠢ ᠰᠢᠯᠢᠳᠡᠭ ᠰᠤᠷᠭᠠᠭᠴᠢ ᠶᠢᠨ ᠱᠠᠩᠨᠠᠯ ᠬᠦᠷᠲᠡᠵᠡᠢ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号