ᠬᠦᠳᠡᠭᠡ ᠡᠭᠡᠰᠢᠭ ᠰᠠᠶᠢᠨ ᠳᠤᠷᠠᠴᠤᠤᠯ ᠤᠨ ᠦᠢᠯᠡᠴᠢᠯᠡᠭᠡᠨ ᠤ ᠦᠷᠦᠬᠡ ︽7.1︾᠎ ᠤ ᠨᠠᠮ ᠪᠠᠶᠢᠭᠤᠯᠤᠭᠳᠠᠭᠰᠠᠨ ᠡᠳᠦᠷ ᠢ ᠪᠡᠯᠭᠡᠯᠡᠬᠦ ᠠᠵᠢᠯᠯᠠᠭ᠎ᠠ ᠥᠷᠨᠢᠭᠦᠯᠪᠡ
ᠨᠡᠶᠢᠲᠡᠯᠡᠭᠰᠡᠨ ᠴᠠᠭ᠄
2024/7/1
    2024 ᠤᠨ ᠤ 6 ᠰᠠᠷ᠎ᠠ ᠶᠢᠨ 29᠎ ᠤ ᠡᠳᠦᠷ᠂ ᠪᠠᠷᠠᠭᠤᠨ ᠦᠵᠦᠮᠦᠴᠢᠨ ᠬᠤᠰᠢᠭᠤᠨ ᠤ ᠤᠯᠠᠭᠠᠨᠬᠠᠭᠠᠯᠭ᠎ᠠ ᠰᠤᠮᠤᠨ ᠤ ᠬᠦᠳᠡᠭᠡ ᠡᠭᠡᠰᠢᠭ ᠰᠠᠶᠢᠨ ᠳᠤᠷᠠᠴᠤᠤᠯ ᠤᠨ ᠦᠢᠯᠡᠴᠢᠯᠡᠭᠡᠨ ᠤ ᠦᠷᠦᠭᠡ ᠨᠢ ᠲᠤᠰ ᠥᠷᠥᠭᠡᠨ ᠤ ᠪᠠᠨ ᠨᠠᠮ ᠤᠨ ᠭᠡᠰᠢᠭᠦᠳ ᠢ ᠵᠣᠬᠢᠶᠠᠨ ᠪᠠᠶᠢᠭᠤᠯᠤᠨ ᠳᠤᠮᠳᠠᠳᠤ ᠤᠯᠤᠰ ᠤᠨ ᠡᠪ ᠬᠠᠮᠲᠤ ᠨᠠᠮ ᠪᠠᠶᠢᠭᠤᠯᠤᠭᠳᠠᠭᠰᠠᠨ 103 ᠵᠢᠯ ᠤᠨ ᠤᠢ ᠶᠢ ᠪᠡᠯᠭᠡᠯᠡᠬᠦ ᠠᠵᠢᠯᠯᠠᠭ᠎ᠠ ᠥᠷᠨᠢᠭᠦᠯᠪᠡ᠃     ᠠᠵᠢᠯᠯᠠᠭ᠎ᠠ ᠳᠤ᠂ ᠬᠥᠳᠡᠭᠡ ᠡᠭᠡᠰᠢᠭ ᠰᠠᠶᠢᠨ ᠳᠤᠷ᠎ᠠ ᠶᠢᠨ ᠦᠢᠯᠡᠴᠢᠯᠡᠭᠡᠨ ᠤ ᠪᠦᠯᠬᠦᠮ ᠤᠨ ᠳᠠᠷᠤᠭ᠎ᠠ ᠰᠣᠪᠤᠳᠬᠡᠷᠡᠯ ᠰᠢ ᠶᠢᠨ ᠫᠢᠩ ᠶᠡᠷᠦᠩᠬᠡᠢ ᠱᠦᠵᠢ ᠶᠢᠨ ᠳᠤᠮᠳᠠᠳᠤ ᠶᠢᠨ ᠦᠨᠳᠦᠰᠦᠳᠡᠨ ᠤ ᠬᠠᠮᠲᠤ ᠶᠢᠨ ᠴᠤᠭᠴᠠ ᠎ ᠶᠢᠨ ᠤᠬᠠᠮᠰᠠᠷ ᠢ ᠪᠠᠳᠤᠳᠬᠠᠬᠤ ᠳᠤᠬᠠᠢ ᠴᠢᠬᠤᠯᠠ ᠶᠠᠷᠢᠶ᠎ᠠ ᠶᠢ ᠤᠯᠠᠮᠵᠢᠯᠠᠨ ᠰᠤᠷᠤᠯᠴᠠᠪᠠ᠃ ᠬᠦᠳᠡᠭᠡ ᠡᠭᠡᠰᠢᠭ ᠰᠠᠶᠢᠨ ᠳᠤᠷᠠᠴᠤᠤᠯ ᠤᠨ ᠦᠢᠯᠡᠴᠢᠯᠡᠭᠡᠨ ᠤ ᠦᠷᠦᠭᠡ ᠶᠢᠨ ᠬᠡᠰᠢᠬᠦᠨ ᠬᠠ᠊᠂ ᠴᠢᠮᠡᠳ ᠵᠡᠷᠭᠡ ᠬᠤᠶᠠᠷ ᠠᠬᠠᠮᠠᠳ ᠨᠠᠮ ᠎ ᠤᠨ ᠬᠡᠰᠢᠬᠦᠨ ᠳᠤ ᠨᠠᠮ ᠪᠠᠶᠢᠭᠤᠯᠤᠭᠳᠠᠭᠰᠠᠨ ᠡᠳᠦᠷ ᠤᠨ ᠳᠤᠷᠠᠰᠬᠠᠯ ᠤᠨ ᠪᠡᠯᠡᠭ ᠢ ᠭᠠᠷᠳᠠᠭᠤᠯᠵᠤ᠂ ᠪᠠᠰᠠ ᠬᠤᠰᠢᠭᠤ ᠳᠡᠰ ᠤᠨ ᠮᠤᠩᠭᠤᠯ ᠬᠤᠪᠴᠠᠰᠤᠨ ᠤ ᠪᠣᠳᠠᠰ ᠤᠨ ᠪᠣᠰᠤ ᠰᠣᠶᠣᠯ ᠤᠨ ᠥᠪ ᠤᠨ ᠦᠪᠯᠡᠨ ᠤᠯᠠᠮᠵᠢᠯᠠᠭᠴᠢ ᠨᠠᠷᠠᠨᠲᠤᠶᠠᠭ᠎ᠠ ᠶᠢ ᠱᠠᠩᠨᠠᠨ ᠵᠤᠷᠢᠭᠵᠢᠭᠤᠯᠵᠠᠢ᠃    ᠬᠥᠳᠡᠭᠡ ᠡᠭᠡᠰᠢᠭ ᠰᠠᠶᠢᠨ ᠳᠤᠷᠠᠴᠤᠤᠯ ᠤᠨ ᠦᠢᠯᠡᠴᠢᠯᠡᠭᠡᠨ ᠤ ᠪᠦᠯᠬᠦᠮ ᠤᠨ ᠳᠤᠭᠯᠠᠭᠴᠢᠳ ᠠᠴᠠ ︽ᠡᠨᠡᠷᠢᠯᠲᠦ ᠨᠠᠮ ᠤᠨ ᠢᠪᠡᠭᠡᠯ ᠬᠠᠶᠢᠷ᠎ᠠ︾᠂ ︽ᠠᠭᠤᠤ ᠨᠠᠮ ᠮᠢᠨᠢ︾᠂ ︽ᠨᠢᠭᠡᠳᠦᠯ ᠤᠨ ᠠᠳᠤᠭᠤᠴᠢᠨ︾᠂ ︽ᠪᠠᠭᠠᠳᠤᠷ ᠠᠳᠤᠭᠤᠴᠢᠨ︾ ᠵᠡᠷᠭᠡ ᠨᠠᠮ ᠪᠠ ᠡᠬᠡ ᠤᠯᠤᠰ ᠢᠶᠠᠨ ᠮᠠᠭᠲᠠᠨ ᠳᠠᠭᠤᠯᠠᠭᠰᠠᠨ ᠠᠶ᠎ᠠ ᠳᠠᠭᠤᠤ ᠪᠣᠯᠣᠨ ᠰᠢᠯᠦᠭ᠂ ᠭᠤᠴᠤᠯᠠᠯ ᠬᠦᠭᠵᠢᠮ ᠵᠡᠷᠭᠡ ᠲᠣᠭᠯᠠᠯᠲᠠ ᠪᠠᠷ ᠢᠶᠠᠨ ᠨᠠᠮ ᠲᠦᠷᠦ ᠶᠢᠨ ᠢᠶᠠᠨ ᠠᠴᠢ ᠭᠠᠪᠢᠶ᠎ᠠ᠂ ᠨᠡᠶᠢᠭᠡᠮ ᠵᠢᠷᠤᠮᠲᠤ ᠡᠬᠡ ᠤᠯᠤᠰ ᠤᠨ ᠢᠶᠠᠨ ᠬᠦᠭᠵᠢᠯᠳᠡ ᠳᠠᠪᠰᠢᠯᠳᠠ ᠶᠢ ᠮᠠᠭᠳᠠᠨ ᠳᠠᠭᠤᠯᠠᠵᠤ᠂ ᠨᠠᠮ ᠵᠠᠰᠠᠭ ᠤᠨ ᠬᠠᠶᠢᠷ᠎ᠠ ᠬᠠᠯᠠᠮᠵᠢ ᠳᠤ ᠳᠠᠯᠠᠷᠬᠠᠵᠤ ᠪᠠᠶᠢᠭ᠎ᠠ ᠰᠡᠳᠬᠢᠯ ᠢᠶᠠᠨ ᠢᠯᠡᠳᠬᠡᠵᠡᠢ  ᠃  
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号