ᠣᠶᠢᠷ᠎ᠠ ᠳᠤ ᠪᠠᠷᠠᠭᠤᠨ ᠦᠵᠦᠮᠦᠴᠢᠨ ᠬᠤᠰᠢᠭᠤᠨ ᠤ ᠵᠢᠷ ᠤᠨ ᠭᠤᠣᠯ ᠪᠠᠯᠭᠠᠰᠣᠨ ᠤ ᠵᠢᠷᠠᠨ ᠭᠠᠴᠠᠭᠠᠨ ᠤ | ᠵᠠᠯᠠᠭᠤᠴᠣᠳ ᠪᠣᠯᠣᠨ ᠡᠮᠡᠭᠳᠡᠶᠢᠴᠦᠳ ᠬᠠᠮᠳᠣᠷᠠᠨ ᠰᠣᠶᠣᠯ ᠲᠠᠮᠢᠷ ᠤᠨ ᠠᠵᠢᠯᠯᠠᠭ᠎ᠠ ᠬᠢᠵᠣ ᠲᠡᠷᠢᠭᠦᠨ ᠤ | ᠬᠦᠮᠦᠰ ᠢᠶᠠᠨ ᠱᠠᠩᠨᠠᠨ ᠬᠦᠬᠢᠭᠦᠯᠬᠦ ᠠᠵᠢᠯᠯᠠᠭ᠎ᠠ ᠦᠷᠨᠢᠭᠦᠯᠪᠡ᠃ | ᠲᠣᠰ ᠡᠮᠡᠭᠳᠡᠶᠢᠴᠦᠳ ᠤᠨ ᠬᠤᠯᠪᠣᠭ᠎ᠠ ᠠᠴᠠ ᠶᠠᠭᠤᠨ ᠤ ᠣᠷᠢᠳᠠ ︽ᠪᠦᠭᠦᠳᠡ ᠨᠠᠶᠢᠷᠠᠮᠳᠠᠬᠤ ᠲᠣᠮᠳᠠᠳᠣ | ᠣᠯᠣᠰ ᠤᠨ ᠭᠡᠷ ᠪᠦᠯᠢ ᠶᠢᠨ ᠬᠦᠮᠦᠵᠢᠯ ᠢ ᠠᠬᠢᠭᠤᠯᠬᠤ ᠬᠠᠤᠯᠢ︾ ᠰᠣᠷᠣᠯᠴᠠᠵᠣ᠂ ᠲᠠᠷᠠᠭ᠎ᠠ ᠨᠢ ᠡᠮᠡᠭᠳᠡᠶᠢᠴᠦᠳ ᠤᠨ | ᠱᠠᠭ᠎ᠠ ᠪᠠᠷ ᠮᠣᠷᠢ ᠣᠷᠣᠯᠳᠣᠬᠤ᠂ ᠰᠡᠶ᠋ᠢᠩ ᠣᠷᠬᠢᠬᠤ᠂ ᠰᠠᠨᠳᠠᠯᠢ ᠪᠣᠯᠢᠶᠠᠯᠴᠠᠬᠤ ᠵᠡᠷᠭᠡ ᠰᠣᠶᠣᠯ ᠲᠠᠮᠢᠷ ᠤᠨ | ᠴᠣᠭᠯᠠᠭᠠᠨ ᠬᠢᠭᠰᠡᠨ ᠪᠠ ︽3·8︾ ᠣᠯᠠᠭᠠᠨ ᠲᠣᠭᠴᠢ᠂ ︽ᠴᠢᠳᠠᠪᠣᠷᠢᠯᠢᠭ ᠡᠮᠡᠭᠳᠡᠢ︾᠂ ︽ᠬᠠᠮᠤᠭ ᠰᠠᠶᠢᠬᠠᠨ | ᠭᠤᠶᠣ ᠭᠡᠷ ᠪᠦᠯᠢ︾ ᠢ ᠱᠠᠩᠨᠠᠨ ᠬᠦᠬᠢᠬᠦᠯᠵᠣ᠂ ᠲᠣᠰ ᠭᠠᠴᠠᠭᠠᠨ ᠤ ︽ᠨᠢᠩᠵᠢᠨ ᠬᠠᠶᠢᠷ᠎ᠠ︾ ᠬᠤᠪᠢᠶᠠᠷᠢ | ᠨᠡᠶᠢᠭᠡᠮᠯᠢᠭ ᠠᠴᠠ ︽ᠰᠢᠯᠢᠳᠡᠭ ᠰᠠᠶᠢᠨ ᠲᠣᠷᠠᠴᠣᠣᠯ᠂ ᠰᠢᠯᠢᠳᠡᠭ ᠰᠠᠶᠢᠨ ᠲᠣᠷᠠᠴᠣᠣᠯ ᠤᠨ ᠭᠡᠷ ᠪᠦᠯᠢ︾ ᠢ ᠱᠠᠩᠨᠠᠨ | ᠬᠦᠬᠢᠭᠦᠯᠦᠭᠰᠡᠨ ᠪᠠᠶᠢᠨ᠎ᠠ᠃ ᠲᠣᠰ ᠭᠠᠴᠠᠭᠠᠨ ᠤ ᠬᠤᠶᠠᠷ ᠵᠦᠪᠯᠡᠯ ᠠᠴᠠ ᠡᠮᠡᠭᠳᠡᠶᠢᠴᠦᠳ ᠤᠨ ᠬᠤᠯᠪᠣᠭᠠᠨ ᠤ | ᠬᠦᠢᠴᠡᠳᠭᠡᠭᠴᠢ ᠵᠦᠪᠯᠡᠯ ᠤᠨ ᠬᠡᠰᠢᠭᠦᠳ ᠢ ᠡᠯ᠎ᠡ ᠲᠠᠯ᠎ᠠ ᠶᠢᠨ ᠠᠵᠢᠯ ᠡᠭᠦᠷᠭᠡ ᠳᠡᠭᠡᠨ ᠬᠠᠷᠢᠭᠤᠴᠠᠯᠭ᠎ᠠ ᠲᠠᠢ | ᠪᠠᠶᠢᠳᠠᠭ ᠦᠢᠯᠡ ᠠᠵᠢᠯᠯᠠᠭ᠎ᠠ ᠶᠢ ᠨᠢ ᠵᠣᠷᠢᠭᠵᠢᠭᠤᠯᠵᠣ ︽ᠰᠢᠯᠢᠳᠡᠭ ᠬᠦᠢᠴᠡᠳᠭᠡᠭᠴᠢ ᠵᠦᠪᠯᠡᠯ ᠤᠨ ᠬᠡᠰᠢᠭᠦᠨ︾ | ᠢᠶᠠᠷ ᠱᠠᠩᠨᠠᠨ ᠬᠦᠬᠢᠭᠦᠯᠵᠠᠢ᠃ | ᠲᠣᠰ ᠭᠠᠴᠠᠭᠠᠨ ᠤ ᠵᠠᠯᠠᠭᠤᠴᠤᠳ ᠴᠦ ᠪᠦᠬᠡ ᠪᠠᠷᠢᠯᠳᠣᠬᠤ᠂ ᠪᠦᠮᠪᠦᠭᠡ ᠰᠠᠪᠬᠠᠳᠠᠬᠤ᠂ ᠴᠣᠮᠣ ᠪᠠᠷ ᠣᠰᠣ | ᠵᠦᠭᠡᠭᠡᠵᠣ ᠣᠷᠣᠯᠳᠣᠬᠤ᠂ ᠲᠡᠭᠡᠰᠦ ᠲᠠᠳᠠᠬᠤ ᠵᠡᠷᠭᠡ ᠶᠢᠨ ᠲᠡᠮᠢᠷ ᠤᠨ ᠣᠷᠣᠯᠳᠣᠭᠠᠨ ᠬᠢᠭᠰᠡᠨ ᠪᠠ ︽ᠰᠢᠯᠢᠳᠡᠭ | ᠵᠠᠯᠠᠭᠤᠴᠤᠳ︾᠂ ︽ᠰᠢᠯᠢᠳᠡᠭ ᠡᠪᠯᠡᠯ ᠤᠨ ᠬᠡᠰᠢᠭᠦᠨ︾᠂ ︽ᠬᠤᠳᠠ ᠣᠷᠣᠵᠣ ᠦᠢᠯᠡᠰ ᠪᠣᠰᠬᠠᠭᠰᠠᠨ ᠵᠠᠯᠠᠭᠤ︾ | ︽ᠰᠠᠶᠢᠨ ᠲᠣᠷᠠᠴᠣᠣᠯ︾ ᠵᠡᠷᠭᠡ ᠲᠡᠷᠢᠭᠦᠨ ᠤ ᠵᠠᠯᠠᠭᠤᠴᠤᠳ ᠢ ᠱᠠᠩᠨᠠᠨ ᠬᠦᠬᠢᠭᠦᠯᠵᠡᠢ᠃ | ᠡᠨᠡ ᠣᠳᠠᠭᠠᠨ ᠤ ᠰᠣᠶᠣᠯ ᠲᠠᠮᠢᠷ ᠤᠨ ᠬᠦᠳᠡᠯᠭᠡᠭᠡᠨ ᠳᠤ ᠲᠣᠰ ᠭᠠᠴᠠᠭᠠᠨ ᠤ ᠲᠦᠴᠢᠭᠡᠳ ᠡᠮᠡᠭᠳᠡᠶᠢᠴᠦᠳ᠂ | ᠬᠤᠷᠢᠭᠠᠳ ᠵᠠᠯᠠᠭᠤᠴᠣᠳ ᠨᠡᠶᠢᠳᠡ ᠲᠠᠯ᠎ᠠ ᠭᠠᠷᠣᠢ ᠬᠦᠮᠦᠰ ᠣᠷᠣᠯᠴᠠᠭᠰᠠᠨ ᠪᠠᠶᠢᠨ᠎ᠠ᠃ |