| ᠮᠤᠩᠭᠤᠯᠴᠤᠳ ᠮᠠᠨᠢ ᠡᠷᠳᠡ ᠲᠡᠭᠡᠷ᠎ᠡ ᠥᠶ᠎ᠡ ᠠᠴᠠ ᠪᠠᠨ ᠡᠷᠳᠡᠮ ᠮᠡᠳᠡᠯᠭᠡ ᠶᠢ ᠤᠶᠤᠨ ᠤ ᠲᠡᠭᠡᠳᠤ ᠬᠡᠮᠡᠨ ᠥᠵᠡᠵᠦ | ᠨᠤᠮ ᠰᠤᠳᠤᠷ ᠢ ᠶᠡᠭᠡᠳᠡ ᠬᠥᠨᠳᠥᠳᠭᠡᠨ ︽ᠥᠪᠡᠷᠰᠡᠳ ᠢᠶᠠᠨ ᠬᠥᠳᠥᠰᠥ ᠨᠡᠬᠡᠢ ᠡᠮᠤᠰᠪᠡᠴᠥ ᠨᠤᠮ ᠢ ᠲᠤᠷᠭ᠎ᠠ ᠪᠠᠷ | ᠪᠡᠷᠢᠨᠳᠠᠭᠯᠠᠵᠦ︾ ᠬᠥᠨᠳᠥᠳᠬᠡᠨ ᠲᠡᠭᠡᠳᠤᠯᠠᠵᠦ ᠬᠤᠷᠢᠶᠠᠨ ᠬᠠᠳᠠᠭᠠᠯᠠᠵᠦ ᠪᠠᠶᠢᠳᠠᠭ᠃ ᠨᠤᠮ ᠬᠠᠳᠠᠭᠠᠯᠠᠭᠰᠠᠨ ᠤᠯᠠᠨ | ᠬᠦᠮᠦᠰ ᠤᠨ ᠨᠢᠭᠡ ᠨᠢ ᠲᠠᠷᠤᠢ ᠪᠠᠷᠠᠭᠤᠨ ᠥᠵᠥᠮᠥᠴᠢᠨ ᠬᠤᠰᠢᠭᠤᠨ ᠤ ᠤᠯᠠᠭᠠᠡᠬᠠᠭᠠᠯᠭ᠎ᠠ ᠰᠤᠮᠤᠨ ᠤ ᠪᠠᠶ᠋ᠬᠠᠤᠪᠤᠭᠠᠳᠤ | ᠭᠠᠴᠠᠭᠠᠨ ᠤ ᠮᠠᠯᠴᠢᠨ᠂ ᠠᠬᠠᠮᠠᠳ ᠨᠠᠮ ᠤᠨ ᠭᠡᠰᠢᠭᠦᠨ ᠤᠳᠬᠠᠨ ᠪᠤᠯᠤᠨ᠎ᠠ᠃ | ᠲᠠᠪᠢ ᠶᠢᠨ ᠲᠠᠪᠠᠭ᠎ᠠ ᠶᠢ ᠲᠠᠪᠠᠵᠦ ᠶᠠᠪᠤᠭ᠎ᠠ ᠤᠳᠬᠠᠨ ᠭᠤᠸᠠᠢ 1986 ᠤᠨ ᠳᠤ ᠤᠯᠠᠭᠠᠡᠬᠠᠭᠠᠯᠭ᠎ᠠ ᠰᠤᠮᠤᠨ ᠤ | ᠪᠠᠨ ᠰᠤᠷᠭᠠᠭᠤᠯᠢ ᠠᠴᠠ ᠠᠩᠬ᠎ᠠ ᠲᠤᠮᠳᠠᠳᠤ ᠪᠠᠨ ᠲᠡᠭᠦᠰᠴᠥ ᠬᠠᠯᠠᠭᠤᠨ ᠬᠤᠰᠢᠭᠤᠳᠤ ᠰᠥᠷᠥᠭ ᠤᠨ ᠢᠶᠠᠨ ᠲᠡᠷᠭᠡᠳᠡ | ᠮᠠᠯᠴᠢᠨ ᠵᠠᠶᠠᠭ᠎ᠠ ᠲᠡᠭᠡᠳᠥᠯᠡᠭᠰᠡᠨ ᠴᠦ ᠨᠤᠮ ᠪᠢᠴᠢᠭ ᠲᠤ ᠪᠠᠭ᠋ᠠᠳᠠᠢ ᠲᠡᠷᠡ ᠰᠤᠨᠢᠨ ᠰᠡᠳᠬᠦᠯ ᠵᠠᠬᠢᠶᠠᠯᠠᠵᠦ᠂ ᠨᠤᠮ ᠲᠡᠪᠳᠡᠷ | ᠤᠯᠳᠠᠬᠤ ᠶᠢᠨ ᠬᠢᠷᠢ ᠪᠠᠷ ᠴᠤᠭᠯᠠᠭᠤᠯᠤᠨ ᠤᠩᠰᠢᠵᠦ᠂ ᠮᠡᠳᠡᠯᠭᠡ ᠮᠡᠳᠡᠴᠠ ᠪᠠᠨ ᠲᠡᠭᠡᠭᠰᠢᠯᠡᠭᠦᠯᠵᠦ᠂ ᠠᠮᠢᠳᠤᠷᠠᠯ ᠠᠬᠤᠢ ᠪᠠᠨ | ᠥᠭᠡᠳᠡ ᠨᠢ ᠲᠠᠳᠠᠵᠦ ᠢᠷᠡᠵᠠᠢ᠃ ᠤᠯᠠᠨ ᠵᠢᠯ ᠤᠨ ᠲᠤᠷᠰᠢ ᠪᠠᠶᠢᠩᠭᠤ ᠨᠤᠮ ᠪᠢᠴᠢᠭ ᠲᠠᠢ ᠨᠥᠬᠦᠷᠯᠠᠵᠦ ᠤᠩᠰᠢᠨ | ᠰᠤᠨᠢᠷᠬᠠᠵᠦ ᠬᠤᠷᠢᠶᠠᠨ ᠬᠠᠳᠠᠭᠠᠯᠠᠵᠦ ᠢᠷᠡᠭᠰᠡᠨ ᠤᠳᠬᠠᠨ ᠭᠤᠸᠠᠢ 2004 ᠤᠨ ᠠᠴᠠ ᠡᠬᠢᠯᠡᠨ ᠠᠷᠪᠠᠨ ᠬᠡᠳᠤᠨ ᠵᠢᠯ | ᠭᠠᠴᠠᠭᠠᠨ ᠤ ᠪᠠᠨ ᠨᠠᠮ ᠤᠨ ᠡᠭᠦᠷ ᠤᠨ ᠱᠥᠵᠢ ᠶᠢᠨ ᠠᠵᠢᠯ ᠢ ᠬᠢᠵᠦ ᠪᠠᠶᠢᠬᠤ ᠳᠤ ᠪᠠᠨ ᠨᠤᠳᠤᠭ ᠤᠰᠤᠨ ᠤ ᠪᠠᠨ | ᠬᠡᠤᠬᠡᠳ ᠲᠡᠭᠦᠤᠨᠡᠷ ᠢ ᠨᠤᠮ ᠤᠩᠰᠢᠵᠦ ᠨᠤᠮ ᠲᠠᠢ ᠨᠥᠭᠦᠷᠯᠡᠬᠦ ᠰᠠᠶᠢᠬᠠᠨ ᠲᠠᠳᠬᠠᠯ ᠲᠠᠢ ᠪᠤᠯᠭᠠᠬᠤ ᠪᠠᠷ ᠴᠢᠩᠭ᠎ᠠ | ᠱᠠᠭᠠᠷᠳᠠᠵᠦ᠂ ᠰᠤᠷᠳᠠᠯ ᠤᠬᠠᠭᠤᠯᠭ᠎ᠠ ᠶᠢᠨ ᠠᠵᠢᠯ ᠢ ᠰᠠᠶᠢᠳᠤᠷ ᠬᠢᠵᠦ ᠢᠷᠡᠭᠰᠡᠨ ᠢᠶᠠᠷ ᠰᠢᠯᠢ ᠶᠢᠨ ᠭᠤᠤᠯ ᠠᠶᠢᠮᠠᠭ ᠤᠨ ︽ | ᠲᠠᠯ᠎ᠠ ᠨᠤᠳᠤᠭ ᠤᠨ ᠮᠢᠩᠭᠠᠨ ᠭᠠᠵᠠᠷ ᠤᠨ ᠬᠢᠯᠢ ᠬᠢᠵᠠᠭᠠᠷ ᠤᠨ ᠪᠤᠯᠪᠠᠰᠤᠨ ᠪᠥᠰᠡ ᠶᠢᠨ ᠪᠠᠶᠢᠭᠤᠯᠤᠯᠳᠠ ᠶᠢᠨ ᠠᠵᠢᠯᠯᠠᠭᠠᠨ | ᠤ ᠰᠤᠶᠤᠯ ᠤᠨ ᠤᠨᠴᠠᠯᠢᠭᠳᠤ ᠡᠷᠤᠬᠡ︾ ᠪᠠᠷ ᠰᠤᠩᠭᠤᠭᠳᠠᠵᠦ ᠂ ᠬᠤᠰᠢᠭᠤ ᠰᠤᠮᠤᠨ ᠤ ︽ᠨᠤᠮ ᠲᠠᠢ ᠬᠡᠷ ᠪᠥᠯᠢ︾ ᠶᠢᠨ | ᠡᠷᠭᠦᠮᠵᠢᠯᠡᠯ ᠢ ᠬᠥᠷᠳᠡᠵᠦ ᠶᠠᠪᠤᠭᠰᠠᠨ ᠰᠠᠶᠢᠬᠠᠨ ᠲᠤᠷᠠᠳᠬᠠᠯ ᠲᠠᠢ ᠪᠢᠯᠠ ᠃ | ᠤᠯᠠᠨ ᠠᠷᠪᠢᠨ ᠰᠠᠶᠢᠬᠠᠨ ᠨᠤᠮ ᠬᠤᠷᠢᠶᠠᠨ ᠬᠠᠳᠠᠭᠠᠯᠠᠵᠦ᠂ ᠮᠢᠩᠭᠠᠨ ᠨᠤᠮ ᠤᠩᠰᠢᠭᠰᠠᠨ ᠤᠳᠬᠠᠨ ᠭᠤᠸᠠᠢ ᠪᠥᠬᠡ | ᠳᠤ ᠶᠠᠭᠠᠬᠢᠬᠤ ᠶᠢᠨ ᠠᠷᠭ᠎ᠠ ᠦᠭᠡᠢ ᠪᠠᠭ᠋ᠠᠳᠠᠢ ᠨᠢᠭᠡᠨ ᠪᠠᠶᠢᠵᠦ ᠪᠥᠬᠡ ᠶᠢᠨ ᠲᠤᠬᠠᠢ ᠨᠤᠮ ᠢ ᠤᠨᠴᠠᠭᠠᠶᠢᠯᠠᠨ ᠴᠤᠭᠯᠠᠭᠤᠯᠳᠠᠭ | ᠠᠴᠠ ᠲᠡᠭᠦᠨ ᠤ ᠬᠠᠳᠠᠭᠠᠯᠭᠰᠠᠨ ᠪᠥᠬᠡ ᠶᠢᠨ ᠲᠤᠬᠠᠢ ᠨᠤᠮ ᠴᠤ ᠬᠡᠳᠤᠨ ᠵᠠᠭᠤᠨ ᠲᠡᠪᠳᠡᠷ ᠪᠤᠯᠤᠭᠰᠠᠨ ᠪᠠᠶᠢᠨ᠎ᠠ᠃ ᠨᠤᠮ | ᠤᠨ ᠴᠠᠭᠠᠨ ᠪᠤᠶᠠᠨ ᠳᠤ ᠰᠢᠳᠥᠵᠦ ᠶᠠᠪᠤᠭ᠎ᠠ ᠤᠳᠬᠠᠨ ᠭᠤᠸᠠᠢ ᠵᠥᠪᠬᠡᠨ ᠥᠪᠡᠷ ᠢᠶᠠᠨ ᠯᠡ ᠨᠤᠮ ᠬᠤᠷᠢᠶᠠᠵᠦ ᠬᠠᠳᠠᠭᠠᠯᠠᠬᠤ | ᠪᠢᠰᠢ ᠬᠠᠷᠢᠨ ᠨᠤᠳᠤᠭ ᠤᠰᠤᠨ ᠤ ᠪᠠᠨ ᠬᠡᠤᠬᠡᠳ ᠲᠡᠭᠦᠤᠨᠡᠷ ᠢ ᠴᠤ ᠲᠠᠭᠠᠭᠤᠯᠤᠨ ᠲᠠᠶᠢᠴᠢᠯᠠᠵᠦ᠂ ᠨᠤᠮ ᠤᠩᠰᠢᠬᠤ ᠶᠢ | ᠤᠬᠠᠭᠤᠯᠵᠦ ᠵᠢᠯ ᠴᠠᠭᠠᠨ ᠰᠠᠷ᠎ᠠ ᠪᠠᠷ ᠨᠤᠮ ᠲᠡᠪᠳᠡᠷ ᠢᠶᠠᠷ ᠭᠠᠷ ᠪᠡᠯᠡᠭ ᠪᠤᠯᠭᠠᠬᠤ ᠵᠡᠷᠭᠡ ᠪᠠᠷ ᠨᠤᠮ ᠤᠨ ᠪᠤᠶᠠᠨ ᠲᠥᠭᠡᠭᠡᠨ | ᠲᠡᠯᠭᠡᠷᠡᠭᠦᠯᠬᠦ ᠠᠵᠢᠯ ᠳᠤ ᠰᠢᠮᠳᠠᠵᠦ ᠪᠠᠶᠢᠨ᠎ᠠ᠃ | | |