ᠪᠠᠷᠠᠭᠤᠨ ᠦᠵᠦᠮᠦᠴᠢᠨ ᠬᠤᠰᠢᠭᠤ ᠳᠤᠮᠳᠠᠳᠤ ᠤᠯᠤᠰ ᠤᠨ ᠡᠪ ᠬᠠᠮᠲᠤ ᠨᠠᠮ ᠪᠠᠶᠢᠭᠤᠯᠤᠭᠳᠠᠭᠰᠠᠨ 103 ᠵᠢᠯ ᠤᠨ ᠣᠶ ᠶᠢ ᠪᠡᠯᠭᠡᠯᠡᠬᠦ ᠵᠢᠴᠢ ︽ᠮᠠᠭᠲᠠᠭᠠᠯ ᠳᠠᠭᠤᠤ ᠪᠠᠨ ᠨᠠᠮ ᠳᠠᠭᠠᠨ ᠡᠷᠭᠦᠬᠦ︾ ᠪᠥᠬᠦ ᠬᠤᠰᠢᠭᠤᠨ ᠤ ᠠᠬᠠᠮᠠᠳ ᠺᠠᠳ᠋ᠷᠴᠤᠳ ᠤᠨ ᠬᠤᠪᠢᠰᠬᠠᠯᠲᠤ ᠳᠠᠭᠤᠤ ᠶᠢᠨ ᠬᠠᠮᠲᠤᠷᠠᠭᠰᠠᠨ ᠲᠣᠭᠯᠠᠯᠲᠠ ᠡᠷᠭᠢᠯᠡᠪᠡ
ᠨᠡᠶᠢᠲᠡᠯᠡᠭᠰᠡᠨ ᠴᠠᠭ᠄
2024/6/27
     ᠨᠠᠮ ᠪᠠᠶᠢᠭᠤᠯᠤᠭᠳᠠᠭᠰᠠᠨ 103 ᠵᠢᠯ ᠤᠨ ᠣᠶ ᠶᠢᠨ ᠬᠦᠷᠴᠦ ᠢᠷᠡᠬᠦ ᠲᠠᠰᠢᠷᠠᠮ ᠢᠶᠠᠷ᠂ 6 ᠰᠠᠷ᠎ᠠ ᠶᠢᠨ 25  ᠤ ᠦᠳᠡ ᠶᠢᠨ ᠡᠮᠦᠨ᠎ᠡ᠂ ᠬᠤᠰᠢᠭᠤ ᠨᠠᠮ ᠤᠨ ᠬᠤᠷᠢᠶᠠᠨ ᠤ ᠵᠣᠬᠢᠶᠠᠨ ᠪᠠᠶᠢᠭᠤᠯᠬᠤ ᠬᠡᠯᠲᠡᠰ᠂  ᠬᠤᠰᠢᠭᠤ ᠠᠬᠠᠮᠠᠳ ᠺᠠᠳ᠋ᠷᠴᠤᠳ ᠤᠨ ᠠᠵᠢᠯᠯᠠᠭᠠᠨ ᠤ ᠲᠥᠪ᠂ ᠬᠤᠰᠢᠭᠤ ᠨᠠᠰᠤᠲᠠᠶᠢᠴᠤᠳ ᠤᠨ ᠶᠡᠭᠡ ᠰᠤᠷᠭᠠᠭᠤᠯᠢ ᠠᠴᠠ ᠭᠤᠣᠯᠯᠠᠨ ᠡᠷᠭᠢᠯᠡᠭᠰᠡᠨ ︽ᠲᠤᠯᠤᠭᠠᠨ ᠰᠠᠷ᠎ᠠ ᠶᠢᠨ ᠨᠢᠭᠡᠨ︾ ᠤ ᠮᠠᠭᠲᠠᠭᠠᠯ ᠳᠠᠭᠤᠤ ᠶᠢ ᠨᠠᠮ ᠳᠤ ᠪᠠᠨ ᠡᠷᠭᠦᠬᠦ ᠬᠤᠪᠢᠰᠬᠠᠯᠲᠤ ᠳᠠᠭᠤᠤ ᠶᠢᠨ ᠬᠠᠮᠲᠤᠷᠠᠭᠰᠠᠨ ᠲᠣᠭᠯᠠᠯᠲᠠ ᠶᠢᠨ ᠠᠵᠢᠯᠯᠠᠭ᠎ᠠ ᠬᠤᠰᠢᠭᠤ ᠬᠠᠮ ᠵᠠᠭᠤᠴᠢᠯᠠᠭᠤᠷ ᠤᠨ ᠲᠥᠪ ᠤᠨ ᠨᠡᠪᠲᠡᠷᠡᠭᠦᠯᠭᠡ ᠶᠢᠨ ᠲᠠᠩᠬᠢᠮ ᠳᠤ ᠶᠠᠪᠤᠭᠳᠠᠪᠠ᠃
           ᠲᠣᠰ ᠤᠳᠠᠭᠠᠨ ᠤ ᠲᠣᠭᠯᠠᠯᠲᠠ ᠳᠤ ᠬᠤᠰᠢᠭᠤ ᠠᠬᠠᠮᠠᠳ ᠺᠠᠳ᠋ᠷᠴᠤᠳ ᠤᠨ ᠤᠷᠠᠨ ᠰᠠᠶᠢᠬᠠᠨ ᠤ ᠠᠩᠭᠢ᠂ ᠪᠠᠶ᠋ᠬᠠᠭᠤᠯᠠ ᠨᠡᠶᠢᠭᠡᠮ ᠲᠣᠭᠤᠷᠢᠭ ᠤᠨ ᠨᠠᠰᠤᠲᠠᠶᠢᠴᠤᠳ ᠤᠨ ᠨᠠᠶᠢᠷᠠᠯ ᠳᠠᠭᠤᠤ ᠶᠢᠨ ᠪᠦᠯᠬᠦᠮ᠂  ᠭᠤᠷᠣᠬᠠᠨ ᠠᠭᠤᠯᠠ ᠤᠷᠠᠨ ᠰᠠᠶᠢᠬᠠᠨ ᠤ ᠠᠩᠭᠢ᠂ ᠪᠠᠶᠠᠰᠣᠯ ᠨᠠᠰᠣᠲᠠᠶᠢᠴᠣᠳ ᠤᠨ ᠣᠷᠠᠯᠢᠭ ᠤᠨ ᠪᠦᠯᠬᠦᠮ ᠵᠡᠷᠭᠡ ᠨᠡᠶᠢᠲᠡ 150 ᠭᠠᠷᠤᠢ ᠪᠠᠭᠰᠢ ᠰᠤᠷᠤᠭᠴᠢᠳ ᠣᠷᠣᠯᠴᠠᠵᠠᠢ᠃
     ︽ᠦᠨᠳᠦᠰᠦᠲᠡᠨ ᠨᠦᠭᠦᠳ ᠰᠡᠳᠬᠢᠯ ᠵᠢᠷᠦᠬᠡ ᠪᠠᠨ ᠬᠤᠯᠪᠣᠨ᠎ᠠ︾ ᠭᠡᠬᠦ ᠨᠠᠶᠢᠷᠠᠯ ᠳᠠᠭᠤᠤ ᠪᠠᠷ ᠲᠣᠰ ᠤᠳᠠᠭᠠᠨ ᠤ ᠠᠵᠢᠯᠯᠠᠭ᠎ᠠ ᠶᠢᠨ ᠬᠥᠰᠢᠭᠡ ᠶᠢ ᠰᠡᠬᠦᠵᠦ᠂ ᠬᠤᠰᠢᠭᠤ ᠠᠬᠠᠮᠠᠳ ᠺᠠᠳ᠋ᠷᠴᠤᠳ ᠤᠨ ᠤᠳᠬ᠎ᠠ ᠤᠷᠠᠯᠢᠭ  ᠤᠨ ᠠᠩᠭᠢ ᠶᠢᠨ ᠪᠠᠭᠰᠢ ᠰᠤᠷᠤᠭᠴᠢᠳ ᠠᠶ᠎ᠠ ᠳᠠᠭᠤᠤ ᠪᠠᠷ ᠢᠶᠠᠨ ᠨᠠᠮ ᠳᠠᠭᠠᠨ ᠬᠢᠵᠠᠭᠠᠯᠠᠰᠢ ᠦᠭᠡᠢ ᠬᠠᠶᠢᠷ᠎ᠠ ᠰᠡᠳᠬᠢᠯᠭᠡ ᠲᠠᠢ ᠪᠠᠶᠢᠬᠤ ᠪᠠᠨ ᠢᠯᠡᠳᠬᠡᠵᠡᠢ᠃ ︽ᠰᠡᠷᠭᠦᠨ ᠮᠠᠨᠳᠤᠯᠲᠠ ᠲᠡᠶᠢᠰᠢ ᠤᠷᠤᠭᠰᠢᠯᠠᠶ᠎ᠠ︾᠂ ︽ᠡᠬᠡ ᠤᠯᠤᠰ ᠮᠠᠷᠲᠠᠬᠤ ᠦᠭᠡᠢ︾ ᠵᠡᠷᠭᠡ ᠳᠠᠭᠤᠤ ᠨᠢ ᠲᠤᠬᠠᠢ ᠶᠢᠨ ᠲᠠᠯᠠᠪᠠᠢ ᠳᠤ ᠰᠠᠭᠠᠲᠠᠭᠰᠠᠨ ᠬᠥᠮᠥᠰ ᠤᠨ ᠰᠡᠳᠬᠢᠯ  ᠳᠠᠬᠢ ᠬᠤᠪᠢᠰᠬᠠᠯ ᠤᠨ ᠳᠤᠷᠠᠰᠤᠮᠵᠢ ᠶᠢ ᠰᠡᠷᠭᠦᠭᠡᠪᠡ᠃ ᠨᠠᠶᠢᠷᠠᠯ ᠳᠠᠭᠤᠤ ︽ᠮᠠᠯᠴᠢᠨ ᠲᠦᠮᠡᠨ ᠡᠪ ᠬᠠᠮᠲᠤ ᠨᠠᠮ  ᠢᠶᠠᠨ ᠳᠠᠭᠤᠯᠠᠨ᠎ᠠ︾᠂ ︽ᠮᠢᠨᠤ ᠲᠦᠷᠦᠭᠰᠡᠨ ᠨᠤᠲᠤᠭ︾ ᠨᠢ ᠠᠬᠠᠮᠠᠳ ᠨᠥᠬᠦᠳ ᠤᠨ ᠨᠠᠮ᠂ ᠡᠬᠡ ᠤᠯᠤᠰ᠂ ᠨᠤᠲᠤᠭ ᠤᠰᠤᠨ ᠳᠠᠭᠠᠨ ᠬᠠᠨᠳᠤᠭᠤᠯᠤᠭᠰᠠᠨ ᠴᠢᠩ ᠦᠨᠡᠨᠴᠢ ᠬᠠᠶᠢᠷ᠎ᠠ ᠰᠡᠳᠬᠢᠯᠭᠡ ᠶᠢ ᠬᠠᠷᠠᠭᠤᠯᠵᠠᠢ᠃     ᠲᠣᠰ ᠤᠳᠠᠭᠠᠨ ᠤ ᠤᠷᠠᠨ ᠰᠠᠶᠢᠬᠠᠨ ᠤ ᠬᠠᠮᠲᠤᠷᠠᠭᠰᠠᠨ ᠲᠣᠭᠯᠠᠯᠲᠠ ᠨᠢ ᠨᠠᠮ ᠪᠠᠶᠢᠭᠤᠯᠤᠭᠳᠠᠭᠰᠠᠨ 103 ᠵᠢᠯ ᠤᠨ ᠣᠶ ᠶᠢ ᠪᠡᠯᠭᠡᠯᠡᠬᠦ ᠪᠠᠷ ᠭᠤᠣᠯ ᠰᠡᠳᠦᠪ ᠪᠣᠯᠭᠠᠵᠤ᠂ ᠠᠭᠤᠤ ᠶᠡᠭᠡ ᠨᠠᠮ ᠳᠤ ᠪᠠᠨ ᠴᠢᠩ ᠰᠡᠳᠬᠢᠯ ᠤᠨ ᠵᠥᠩᠨᠡᠯ ᠢᠶᠠᠨ ᠳᠡᠪᠰᠢᠭᠦᠯᠵᠦ᠂ ᠬᠤᠪᠢᠰᠬᠠᠯ ᠤᠨ ᠰᠣᠩᠭᠤᠳᠠᠭ ᠪᠦᠲᠦᠭᠡᠯ ᠢ ᠬᠠᠩᠭᠢᠨᠠᠭᠤᠯᠤᠨ᠂ ᠨᠠᠮ ᠢᠶᠠᠨ ᠬᠠᠶᠢᠷᠠᠯᠠᠬᠤ ᠰᠡᠳᠬᠢᠯᠭᠡ ᠶᠢ ᠬᠥᠭᠵᠢᠭᠡᠨ᠂ ᠵᠢᠭᠠᠨ ᠰᠤᠷᠭᠠᠯᠲᠠ ᠶᠢᠨ ᠦᠷ᠎ᠡ ᠪᠦᠲᠦᠭᠡᠯ ᠢ ᠳᠡᠯᠭᠡᠨ ᠦᠵᠡᠭᠦᠯᠵᠦ᠂ ᠠᠬᠠᠮᠠᠳ ᠺᠠᠳ᠋ᠷᠴᠤᠳ ᠤᠨ ᠠᠵᠢᠯ ᠤᠨ ᠴᠢᠯᠦᠭᠡᠨ ᠤ ᠤᠳᠬ᠎ᠠ ᠤᠷᠠᠯᠢᠭ ᠤᠨ ᠠᠮᠢᠳᠤᠷᠠᠯ ᠢ  ᠪᠠᠶᠠᠯᠢᠭᠵᠢᠭᠤᠯᠣᠭᠰᠠᠨ ᠪᠠᠶᠢᠨ᠎ᠠ᠃      
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号