ᠣᠷᠭᠠᠨᠢᠭ ᠪᠣᠷᠳᠣᠭᠤᠷ ᠢᠶᠠᠷ ᠪᠡᠯᠴᠢᠭᠡᠷ ᠤᠨ ᠣᠷᠭᠤᠴᠠ ᠶᠢ ᠰᠠᠶᠢᠵᠢᠷᠠᠭᠤᠯᠬᠤ ᠠᠵᠢᠯ ᠢ ᠲᠣᠷᠰᠢᠨ ᠶᠠᠪᠣᠭᠳᠠᠭᠤᠯᠵᠣ ᠪᠠᠶᠢᠨ᠎ᠠ
ᠨᠡᠶᠢᠲᠡᠯᠡᠭᠰᠡᠨ ᠴᠠᠭ᠄
2024/6/20
    ᠦᠨᠦᠳᠦᠷ ᠪᠠᠷᠠᠭᠤᠨ ᠦᠵᠦᠮᠦᠴᠢᠨ ᠬᠤᠰᠢᠭᠤᠨ ᠤ ᠪᠠᠶᠠᠨᠬᠤᠰᠢᠭᠤ ᠰᠣᠮᠣᠨ ᠤ ᠪᠣᠯᠠᠭᠠᠨ ᠭᠠᠴᠠᠭᠠᠨ ᠤ ᠲᠦᠮᠡ ᠭᠠᠷᠣᠢ ᠮᠦ ᠬᠠᠮᠳᠣ ᠶᠢᠨ ᠬᠠᠳᠣᠯᠠᠩ ᠤᠨ ᠲᠠᠯᠠᠪᠠᠢ ᠳᠤ ᠲᠡᠷᠭᠡ ᠣᠨᠤᠭ᠎ᠠ ᠵᠦᠷᠢᠯᠳᠦᠨ᠂ ᠬᠦᠮᠦᠰ ᠥᠪᠡᠷ ᠥᠪᠡᠷ ᠤᠨ ᠲᠣᠭᠳᠠᠭᠰᠠᠨ ᠠᠵᠢᠯ ᠢᠶᠠᠨ ᠪᠡᠶᠡᠯᠡᠬᠦᠯᠬᠦ ᠭᠡᠵᠦ ᠶᠠᠭᠠᠷᠠᠯᠳᠠᠢ ᠠᠵᠢᠯᠯᠠᠵᠠᠭᠠᠨ᠎ᠠ᠃ ᠡᠨᠡ ᠵᠢᠯ ᠪᠠᠷᠠᠭᠤᠨ ᠦᠵᠦᠮᠦᠴᠢᠨ ᠬᠤᠰᠢᠭᠤᠨ ᠤ ᠲᠠᠯ᠎ᠠ ᠨᠣᠳᠤᠭ ᠤᠨ ᠠᠵᠢᠯᠯᠠᠬᠤ ᠥᠷᠳᠡᠭᠡᠨ ᠠᠴᠠ ᠲᠣᠰ ᠭᠠᠴᠠᠭᠠᠨ ᠤ ᠬᠠᠳᠣᠯᠠᠩ ᠤᠨ ᠲᠠᠯᠠᠪᠠᠢ ᠳᠤ ᠣᠷᠭᠠᠨᠢᠭ ᠪᠣᠷᠳᠣᠭᠤᠷ ᠣᠷᠣᠭᠤᠯᠵᠣ ᠡᠪᠡᠰᠦ ᠪᠡᠯᠴᠢᠭᠡᠷ ᠤᠨ ᠣᠷᠭᠤᠯᠲᠠ ᠶᠢ ᠨᠡᠮᠡᠭᠳᠡᠬᠦᠯᠬᠦ ᠲᠣᠷᠰᠢᠯᠲᠠ ᠶᠢᠨ ᠲᠦᠰᠦᠯ ᠢ ᠪᠣᠳᠠᠳᠠᠢ ᠭᠡᠷᠡᠭᠵᠢᠬᠦᠯᠵᠦ᠂ ᠣᠳᠣᠬᠠᠨ ᠪᠣᠯᠬᠤ ᠳᠤ 10211 ᠮᠦ ᠬᠠᠳᠣᠯᠠᠩ ᠤᠨ ᠲᠠᠯᠠᠪᠠᠢ ᠳᠤ ᠮᠠᠯ  ᠤᠨ ᠰᠢᠭᠡᠭ ᠢᠶᠠᠷ ᠭᠤᠣᠯ ᠪᠣᠯᠭᠠᠭᠰᠠᠨ ᠣᠷᠭᠠᠨᠢᠭ ᠪᠣᠷᠳᠣᠭᠤᠷ ᠢ ᠰᠠᠴᠣᠬᠤ ᠠᠵᠢᠯ ᠰᠢᠪᠳᠣᠷᠭᠠᠨ ᠳᠠᠭᠠᠨ ᠣᠷᠣᠭᠠᠳ ᠪᠠᠶᠢᠯ᠎ᠠ᠃     ᠪᠠᠷᠠᠭᠤᠨ ᠦᠵᠦᠮᠦᠴᠢᠨ ᠬᠤᠰᠢᠭᠤᠨ ᠤ ᠲᠠᠯ᠎ᠠ ᠨᠣᠳᠤᠭ ᠤᠨ ᠠᠵᠢᠯᠯᠠᠬᠤ ᠥᠷᠳᠡᠭᠡ ᠨᠢ 2022 ᠣᠨ ᠠᠴᠠ ︿ᠲᠠᠯ᠎ᠠ ᠨᠣᠳᠤᠭ ᠤᠨ  ᠠᠮᠢ ᠠᠬᠤᠢ ᠶᠢ ᠨᠥᠬᠦᠨ ᠰᠡᠷᠭᠦᠭᠡᠬᠦ﹀ ᠣᠯᠣᠰ ᠤᠨ ᠲᠦᠷᠦᠯ ᠵᠦᠢᠯ ᠢ ᠡᠷᠡᠮᠡᠯᠵᠡᠨ᠂ 2023 ᠣᠨ ᠳᠤ ᠠᠩᠬ᠎ᠠ ᠣᠯᠠᠭᠠᠨᠬᠠᠭᠠᠯᠭ᠎ᠠ ᠰᠣᠮᠣᠨ ᠤ ᠪᠠᠶᠠᠨᠨᠠᠭᠤᠷ ᠭᠠᠴᠠᠭᠠᠨ ᠤ 30000 ᠭᠠᠷᠣᠢ ᠮᠦ ᠬᠠᠮᠳᠣ  ᠶᠢᠨ ᠬᠠᠳᠣᠯᠠᠩ ᠤᠨ ᠲᠠᠯᠠᠪᠠᠢ ᠳᠤ ᠡᠬᠢᠯᠡᠨ ᠬᠡᠷᠡᠭᠵᠢᠬᠦᠯᠵᠦ᠂ 708 ᠲᠦᠮᠡᠨ ᠲᠦᠭᠦᠷᠢᠭ ᠤᠨ ᠪᠡᠯᠡ ᠣᠷᠣᠭᠤᠯᠣᠨ᠂ ᠣᠷᠣᠨ ᠨᠣᠳᠤᠭ ᠲᠤ ᠪᠠᠶᠢᠭ᠎ᠠ ᠮᠠᠯ ᠤᠨ ᠰᠢᠭᠡᠭ ᠢ ᠬᠦᠢᠴᠡᠳ ᠠᠰᠢᠭᠯᠠᠨ ᠣᠷᠭᠠᠨᠢᠭ ᠪᠣᠷᠳᠣᠭᠤᠷ ᠪᠣᠯᠭᠠᠵᠣ᠂ ᠬᠠᠷ᠎ᠠ ᠬᠦᠷᠦᠰᠦ᠂ ᠢᠰᠭᠡᠭᠦᠷ ᠬᠤᠯᠢᠵᠣ ᠬᠦᠷᠦᠰᠦᠨ ᠳᠤ ᠰᠠᠴᠣᠬᠤ ᠬᠡᠯᠪᠡᠷᠢ ᠪᠠᠷ ᠡᠪᠡᠰᠦ ᠪᠡᠯᠴᠢᠭᠡᠷ ᠤᠨ ᠣᠷᠭᠤᠯᠳᠠ ᠶᠢ ᠨᠡᠮᠡᠭᠳᠡᠬᠦᠯᠬᠦ ᠲᠣᠷᠰᠢᠯᠲᠠ ᠶᠢ ᠬᠢᠵᠦ ᠡᠬᠢᠯᠡᠭᠰᠡᠨ ᠪᠠᠶᠢᠨ᠎ᠠ᠃     ᠣᠶᠢᠯᠠᠭᠠᠭᠰᠠᠨ ᠢᠶᠠᠷ ᠲᠣᠰ ᠲᠦᠷᠦᠯ ᠵᠦᠢᠯ ᠢ ᠭᠠᠵᠠᠷ ᠣᠷᠣᠨ ᠤ ᠪᠣᠳᠠᠳᠣ ᠪᠠᠶᠢᠳᠠᠯ ᠳᠤ  ᠲᠣᠬᠢᠷᠠᠭᠤᠯᠣᠨ ᠬᠡᠷᠡᠭᠵᠢᠬᠦᠯᠦᠭᠰᠡᠨ ᠨᠢ ᠮᠠᠯᠵᠢᠬᠤ ᠣᠷᠣᠨ ᠢᠶᠠᠷ ᠬᠠᠮᠤᠭ ᠲᠦᠭᠡᠮᠡᠯ ᠪᠠᠶᠢᠭ᠎ᠠ ᠬᠤᠨᠢ ᠮᠠᠯ ᠤᠨ ᠢᠯᠭᠠᠳᠠᠰᠣ ᠶᠢ ᠲᠡᠷᠭᠡᠳᠡ ᠠᠴᠠ ᠪᠠᠨ ᠠᠪᠴᠦ᠂ ᠬᠦᠢᠴᠡᠳ  ᠠᠰᠢᠭᠯᠠᠨ ᠲᠦᠭᠦᠬᠡᠢ ᠮᠠᠲ᠋ᠧᠷᠢᠶᠠᠯ ᠤᠨ ᠥᠪᠡᠷ ᠤᠨ ᠥᠷᠳᠡᠭ ᠢ ᠪᠠᠭᠤᠷᠠᠭᠤᠯᠵᠣ  ᠴᠢᠳᠠᠭᠰᠠᠨ ᠪᠦᠭᠡᠳ ᠪᠣᠷᠳᠣᠭᠤᠷ ᠲᠤ ᠠᠭᠤᠯᠣᠭᠳᠠᠬᠤ ᠠᠽᠣᠲ᠂ ᠹᠣᠰᠹᠣᠷ᠂ ᠺᠠᠯᠢ ᠪᠣᠯᠣᠨ ᠪᠢᠴᠢᠯ ᠡᠯᠧᠮᠧᠨ᠋ᠲ ᠵᠡᠷᠭᠡ ᠡᠷᠦᠳᠡᠰᠦ ᠪᠣᠳᠠᠰ ᠤᠨ ᠰᠢᠮ᠎ᠡ ᠲᠡᠵᠢᠭᠡᠯ  ᠨᠢ ᠦᠨᠳᠦᠷ ᠪᠠᠶᠢᠵᠣ ᠬᠥᠷᠥᠰᠥᠨ ᠤ ᠮᠢᠺᠷᠣᠪ ᠤᠨ ᠲᠤᠭ᠎ᠠ ᠬᠡᠮᠵᠢᠶ᠎ᠡ ᠪᠠ ᠢᠳᠡᠪᠬᠢ ᠴᠢᠨᠠᠷ ᠢ ᠳᠡᠭᠡᠭᠰᠢᠯᠡᠭᠦᠯᠵᠦ᠂ ᠬᠥᠷᠥᠰᠥ  ᠰᠢᠷᠣᠢ ᠶᠢᠨ ᠳᠣᠲᠣᠷᠠᠬᠢ ᠰᠢᠮ᠎ᠡ ᠲᠡᠵᠢᠭᠡᠯ ᠢ ᠬᠤᠪᠢᠷᠠᠭᠤᠯᠬᠤ ᠪᠠ ᠡᠷᠭᠢᠯᠳᠦᠭᠦᠯᠬᠦ᠂ ᠬᠥᠷᠥᠰᠥ ᠰᠢᠷᠣᠢ ᠶᠢᠨ ᠰᠢᠮ᠎ᠡ ᠲᠡᠵᠢᠭᠡᠯ ᠢ ᠢᠳᠡᠪᠬᠢᠵᠢᠭᠦᠯᠬᠦ ᠳᠤ ᠠᠰᠢᠭᠲᠠᠢ ᠪᠠᠶᠢᠵᠤ᠂ ᠠᠭᠠᠷ ᠨᠡᠪᠲᠡᠷᠡᠬᠦ ᠴᠢᠨᠠᠷ ᠪᠠ ᠰᠡᠶᠢᠷᠡᠭ ᠤᠨ ᠬᠡᠮᠵᠢᠶ᠎ᠡ ᠶᠢ ᠨᠡᠮᠡᠭᠳᠡᠬᠦᠯᠵᠦ᠂ ᠨᠤᠲᠤᠭ ᠪᠡᠯᠴᠢᠭᠡᠷ ᠢ ᠰᠡᠷᠭᠦᠭᠡᠨ᠂ ᠤᠷᠭᠤᠯᠲᠠ ᠳᠤ ᠬᠡᠷᠡᠭᠰᠡᠬᠦ ᠰᠢᠮ᠎ᠡ ᠲᠡᠵᠢᠭᠡᠯ ᠢ ᠬᠠᠩᠭᠠᠬᠤ ᠪᠠᠷ ᠪᠠᠷᠠᠬᠤ ᠦᠭᠡᠢ  ᠨᠢᠭᠡ ᠣᠳᠠᠭ᠎ᠠ ᠲᠣᠭᠳᠠᠭᠰᠠᠨ ᠬᠡᠮᠵᠢᠶᠡᠨ ᠳᠤ ᠪᠣᠷᠳᠣᠭᠤᠷ ᠣᠷᠣᠭᠤᠯᠵᠣ ᠲᠠᠭᠤᠰᠪᠠᠯ ᠲᠣᠯᠤᠭ᠎ᠠ ᠠᠴᠠ ᠨᠠᠢᠮᠠᠨ ᠵᠢᠯ ᠳᠤ ᠦᠢᠯᠡᠳᠦᠯ ᠭᠡᠷᠡᠭᠴᠡᠭᠡ ᠦᠵᠡᠭᠦᠯᠵᠦ ᠴᠢᠳᠠᠬᠤ ᠣᠷᠳᠣ ᠬᠤᠭᠤᠴᠠᠭᠠᠨ ᠤ ᠠᠰᠢᠭᠯᠠᠮᠵᠢ ᠲᠠᠢ ᠪᠠᠶᠢᠳᠠᠭ ᠵᠡᠷᠭᠡ ᠣᠨᠴᠠᠯᠢᠭ ᠨᠢ ᠮᠠᠯᠵᠢᠬᠤ ᠣᠷᠣᠨ ᠤ ᠨᠣᠳᠤᠭ ᠪᠡᠯᠴᠢᠭᠡᠷ ᠤᠨ ᠣᠷᠭᠤᠴᠠ ᠶᠢ ᠰᠠᠶᠢᠵᠢᠷᠠᠭᠤᠯᠬᠤ ᠦᠷ᠎ᠠ ᠪᠦᠳᠦᠮᠵᠢ ᠪᠠᠷ ᠦᠨᠳᠦᠷ ᠲᠦᠷᠦᠯ ᠵᠦᠢᠯ ᠪᠣᠯᠣᠭᠰᠠᠨ ᠪᠠᠶᠢᠨ᠎ᠠ᠃     ᠲᠤᠰ ᠲᠦᠷᠦᠯ ᠵᠦᠢᠯ ᠨᠢ ᠰᠢ ᠶᠢᠨ ᠫᠢᠩ ᠶᠡᠷᠦᠩᠬᠡᠢ ᠱᠦᠵᠢ ᠶᠢᠨ ᠠᠮᠢ ᠠᠬᠤᠢ ᠶᠢᠨ ᠪᠣᠯᠪᠠᠰᠣᠨ ᠤ ᠦᠵᠡᠯ  ᠰᠠᠨᠠᠭ᠎ᠠ ᠶᠢ ᠬᠦᠨᠵᠡᠭᠡᠢ ᠲᠣᠣᠱᠯᠠᠭᠤᠯᠵᠣ᠂ ᠮᠠᠯᠴᠢᠳ ᠤᠨ ᠡᠵᠡᠩᠨᠡᠯᠲᠡ ᠶᠢᠨ ᠠᠷᠭ᠎ᠠ ᠬᠡᠯᠪᠡᠷᠢ ᠪᠠᠨ ᠬᠤᠪᠢᠷᠠᠭᠤᠯᠣᠨ᠂ ᠲᠡᠳᠡᠨ ᠤ ᠣᠯᠠᠮᠵᠢᠯᠠᠯᠲᠣ ᠮᠠᠯᠵᠢᠯ ᠤᠨ ᠠᠷᠭ᠎ᠠ ᠪᠠᠨ ᠰᠢᠨᠵᠢᠯᠡᠬᠦ ᠣᠬᠠᠭᠠᠨᠴᠢ ᠪᠠᠷ ᠦᠭᠡᠷᠡᠴᠢᠯᠡᠵᠦ᠂ ᠲᠠᠩᠰᠠ ᠪᠣᠳᠣᠵᠣ ᠮᠠᠯ ᠮᠠᠯᠵᠢᠬᠤ᠂ ᠨᠠᠷᠢᠯᠢᠭᠵᠢᠭᠤᠯᠣᠨ ᠮᠠᠯᠵᠢᠬᠤ ᠲᠠᠨᠢᠯᠲᠠ ᠶᠢ ᠲᠡᠭᠡᠭᠰᠢᠯᠡᠬᠦᠯᠬᠦ ᠳᠤ ᠵᠢᠯᠣᠭᠤᠳᠣᠮᠵᠢ ᠪᠣᠯᠣᠭᠰᠠᠨ ᠢᠶᠠᠷ ᠪᠠᠷᠠᠬᠤ ᠦᠭᠡᠢ ᠠᠮᠢ ᠠᠬᠤᠢ ᠶᠢᠨ  ᠰᠢᠰᠲ᠋ᠧᠮ ᠤᠨ ᠲᠣᠭᠳᠠᠭᠤᠨ ᠴᠢᠨᠠᠷ ᠢ ᠪᠠᠳᠣᠯᠠᠬᠤ᠂ ᠡᠪᠡᠰᠦ ᠪᠡᠯᠴᠢᠭᠡᠷ ᠤᠨ ᠡᠬᠢ ᠪᠠᠶᠠᠯᠢᠭ ᠢ ᠬᠠᠮᠠᠭᠠᠯᠠᠬᠤ ᠪᠡ ᠠᠰᠢᠭᠯᠠᠬᠤ᠂ ᠠᠮᠢ ᠠᠬᠤᠢ᠂ ᠦᠢᠯᠡᠳᠪᠦᠷᠢᠯᠡᠯ᠂ ᠠᠮᠢᠳᠣᠷᠠᠯ ᠤᠨ ᠵᠣᠬᠢᠴᠠᠩᠭᠤᠢ ᠬᠦᠭᠵᠢᠬᠦ ᠠᠯᠣᠰ ᠬᠡᠳᠦ ᠶᠢᠨ ᠵᠣᠷᠢᠯᠭ᠎ᠠ ᠶᠢ ᠪᠡᠶᠡᠯᠡᠬᠦᠯᠬᠦ ᠳᠤ ᠰᠠᠶᠢᠨ ᠲᠠᠭᠠᠭᠤᠯᠣᠭᠴᠢ ᠦᠢᠯᠡᠳᠦᠯ ᠦᠵᠡᠬᠦᠯᠬᠦ ᠪᠣᠯᠣᠨ᠎ᠠ᠃     ᠣᠳᠣᠬᠠᠨ ᠳᠤ ᠲᠣᠰ ᠲᠦᠷᠦᠯ ᠵᠦᠢᠯ ᠤᠨ ᠠᠵᠢᠯ ᠬᠤᠶᠠᠳᠡᠬᠢ ᠵᠢᠯ ᠢᠶᠠᠨ ᠶᠠᠪᠣᠭᠳᠠᠵᠣ ᠪᠠᠶᠢᠭ᠎ᠠ ᠪᠦᠭᠡᠳ᠂ ᠨᠡᠶᠢᠳᠡ 4 ᠲᠦᠮᠡ ᠭᠠᠷᠣᠢ ᠮᠤ᠋ ᠪᠡᠯᠴᠢᠭᠡᠷ ᠲᠤ ᠪᠣᠷᠳᠣᠭᠤᠷ ᠣᠷᠣᠭᠤᠯᠵᠣ᠂ ᠨᠡᠶᠢᠳᠡ1060 ᠲᠦᠮᠡᠨ ᠲᠦᠭᠦᠷᠢᠭ  ᠤᠨ ᠪᠡᠯᠡ ᠣᠷᠣᠭᠤᠯᠵᠣ᠂ ᠭᠤᠷᠪᠠᠨ ᠵᠢᠯ ᠤᠨ ᠬᠤᠭᠤᠴᠠᠭ᠎ᠠ ᠠᠴᠠ ᠡᠬᠢᠯᠡᠨ ᠪᠡᠯᠴᠢᠭᠡᠷ ᠤᠨ ᠣᠷᠭᠤᠯᠲᠠ ᠶᠢᠨ ᠬᠡᠮᠵᠢᠶ᠎ᠡ ᠨᠢ  ᠢᠯᠡᠳᠳᠡ ᠦᠷ᠎ᠠ ᠳ᠋ᠦᠩ ᠢ ᠣᠯᠬᠤ ᠪᠣᠯᠣᠨ᠎ᠠ᠃      
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号