ᠬᠦᠳᠡᠯᠮᠦᠷᠢ ᠠᠮᠢᠳᠣᠷᠠᠯ ᠳᠤ ᠬᠡᠷᠡᠯ ᠭᠡᠭᠡ ᠨᠡᠮᠡᠨ᠎ᠡ
ᠨᠡᠶᠢᠲᠡᠯᠡᠭᠰᠡᠨ ᠴᠠᠭ᠄
2024/6/19
    ᠣᠯᠠᠭᠠᠨᠬᠠᠭᠠᠯᠭ᠎ᠠ ᠰᠣᠮᠣᠨ ᠤ ᠰᠠᠷᠠᠭᠤᠯᠳᠣᠶᠠᠭ᠎ᠠ ᠭᠠᠴᠠᠭᠠᠨ ᠤ ᠱᠧᠩ ᠯᠢ ᠶᠢᠨ ᠬᠢ ᠡᠨᠡ ᠡᠳᠦᠷ ᠬᠤᠷᠠᠭ᠎ᠠ ᠪᠠᠨ ᠬᠠᠶᠢᠴᠢᠯᠠᠬᠤ ᠭᠡᠵᠦ ᠳᠣᠳᠣᠨ᠎ᠠ ᠭᠠᠳᠠᠨ᠎ᠠ ᠶᠠᠭᠠᠷᠠᠯᠳᠠᠢ ᠠᠵᠢᠯᠯᠠᠵᠣ᠂ ᠬᠠᠶᠢᠴᠢᠯᠠᠬᠤ ᠬᠦᠮᠦᠰ ᠲᠡᠭᠡᠨ ᠪᠡᠯᠡᠳᠬᠡᠯ ᠢ ᠨᠢ ᠬᠢᠵᠦ ᠦᠭᠭᠦᠨ᠎ᠡ᠃ ᠡᠳᠡᠨᠡᠶᠢᠬᠢ ᠡᠨᠡ ᠵᠢᠯ ᠬᠦᠳᠡᠯᠮᠦᠷᠢ ᠬᠦᠴᠦ ᠴᠦᠭᠡᠨ ᠲᠤᠯᠠ ᠴᠠᠭ ᠬᠤᠭᠤᠴᠠᠭ᠎ᠠ ᠢᠯᠡᠬᠦᠦ ᠬᠡᠷᠡᠭᠰᠡᠬᠦ ᠠᠴᠠ ᠵᠠᠶᠢᠯᠠᠰᠬᠢᠵᠣ ᠲᠣᠰᠬᠠᠢ ᠦᠢᠯᠡᠴᠢᠯᠡᠭᠡᠨ ᠤ ᠬᠦᠮᠦᠰ ᠲᠤ ᠴᠠᠭ ᠳᠣᠭᠳᠠᠨ ᠵᠠᠬᠢᠶᠠᠯᠠᠭ᠎ᠠ ᠦᠭᠴᠦ ᠬᠤᠷᠠᠭ᠎ᠠ ᠪᠠᠨ ᠬᠠᠶᠢᠴᠢᠯᠠᠭᠤᠯᠵᠣ ᠪᠠᠶᠢᠭ᠎ᠠ ᠨᠢ ᠡᠨᠡ ᠪᠠᠶᠢᠯ᠎ᠠ᠃     ᠰᠠᠷᠠᠭᠤᠯᠳᠣᠶᠠᠭ᠎ᠠ ᠭᠠᠴᠠᠭᠠᠨ ᠳᠤ ᠪᠠᠨ ᠬᠤᠨᠢ ᠬᠤᠷᠠᠭ᠎ᠠ ᠬᠢᠷᠭᠠᠬᠤ᠂ ᠢᠮᠠᠭ᠎ᠠ ᠰᠠᠮᠨᠠᠬᠤ ᠠᠶᠢᠯ ᠤᠨ ᠲᠣᠭᠤᠶᠢᠯᠠᠩ ᠪᠠᠶᠢᠭᠤᠯᠣᠭᠳᠠᠭᠠᠳ ᠲᠦᠷᠪᠡᠨ ᠵᠢᠯ ᠤᠨ ᠨᠢᠭᠤᠷ ᠢ ᠦᠵᠡᠵᠦ᠂ ᠡᠨᠡ ᠣᠶᠢᠷ᠎ᠠ ᠲᠦᠰᠦᠷ ᠤᠨ ᠢᠶᠠᠨ ᠮᠠᠯᠴᠢᠨ ᠡᠷᠦᠭᠡ ᠳᠤ ᠮᠠᠰᠢ ᠲᠦᠭᠦᠮ ᠦᠵᠡᠭᠦᠯᠳᠡᠭ ᠪᠠᠶᠢᠨ᠎ᠠ  ᠃ ᠡᠨᠡ ᠡᠳᠦᠷ ᠡᠨᠡᠬᠦ ᠲᠣᠭᠤᠶᠢᠯᠠᠩ ᠢ ᠡᠬᠢᠯᠡᠬᠦᠯᠵᠦ ᠰᠢᠨᠡᠬᠡᠨ ᠦᠢᠯᠡᠴᠢᠯᠡᠭᠡ ᠶᠢ ᠰᠡᠳᠬᠢᠨ ᠠᠵᠢᠯᠯᠠᠭᠤᠯᠵᠣ ᠪᠠᠶᠢᠭ᠎ᠠ ᠮᠠᠯᠴᠢᠨ ᠨᠣᠯᠮᠠᠵᠠᠪ ᠬᠠᠮᠳᠣ ᠠᠵᠢᠯᠯᠠᠳᠠᠭ ᠬᠦᠮᠦᠰ ᠲᠠᠢ ᠪᠠᠨ ᠪᠢᠳᠡᠨ ᠲᠠᠢ ᠲᠠᠭᠠᠷᠠᠯ᠎ᠠ᠃ ᠮᠠᠯᠵᠢᠬᠤ ᠠᠮᠢᠳᠣᠷᠠᠯ ᠤᠨ ᠢᠶᠠᠨ ᠴᠢᠯᠦᠭᠡ ᠴᠠᠭ ᠢ ᠠᠰᠢᠭᠯᠠᠨ᠂ ᠭᠡᠷ ᠪᠦᠯᠢ ᠪᠠᠷ ᠢᠶᠠᠨ ᠢᠯᠡᠬᠦᠦ ᠬᠦᠳᠡᠯᠮᠦᠷᠢ ᠬᠦᠴᠦ ᠪᠠᠨ ᠲᠠᠶᠢᠴᠢᠯᠠᠨ᠂ ᠨᠠᠶᠢᠵᠠ ᠨᠦᠬᠦᠳ ᠲᠠᠢ ᠪᠠᠨ ᠬᠠᠮᠳᠣᠷᠠᠨ ᠣᠷᠣᠯᠭ᠎ᠠ ᠡᠭᠦᠳᠬᠦ ᠶᠢ ᠲᠡᠳᠡ ᠵᠣᠷᠢᠯᠲᠠ ᠨᠢᠭᠡᠳᠡᠢ ᠲᠦᠰᠦᠪᠯᠡᠨ᠂ ᠲᠦᠷᠪᠡᠨ ᠵᠢᠯ ᠤᠨ ᠡᠮᠦᠨ᠎ᠡ ᠠᠴᠠ ᠲᠣᠰ ᠦᠢᠯᠡᠴᠢᠯᠡᠭᠡ ᠪᠠᠨ ᠡᠬᠢᠯᠡᠬᠦᠯᠦᠭᠰᠡᠨ ᠪᠠᠶᠢᠨ᠎ᠠ     ᠠᠵᠢᠯ ᠬᠦᠳᠡᠯᠮᠦᠷᠢ ᠨᠢ ᠠᠮᠢᠳᠣᠷᠠᠯ ᠳᠤ ᠬᠡᠷᠡᠯ ᠭᠡᠭᠡ ᠨᠡᠮᠡᠵᠦ᠂ ᠬᠦᠷᠦᠰᠦ ᠰᠢᠷᠣᠢ ᠶᠢ ᠣᠮᠳᠠᠯᠠᠳᠠᠭ᠃     ᠬᠠᠪᠣᠷ ᠴᠠᠭ ᠤᠨ ᠶᠠᠭᠠᠷᠠᠣᠬᠠᠨ ᠠᠵᠢᠯ ᠢᠶᠠᠨ ᠲᠠᠭᠤᠰᠬᠠᠭᠠᠳ ᠴᠠᠭ ᠴᠢᠯᠦᠭᠡ   ᠪᠠᠨ ᠦᠷ᠎ᠡ ᠪᠦᠳᠦᠮᠵᠢᠳᠡᠢ ᠠᠰᠢᠭᠯᠠᠬᠤ  ᠶᠢ ᠵᠣᠷᠢᠭᠰᠠᠨ ᠨᠣᠯᠮᠠᠵᠠᠪ ᠤᠨ ᠠᠵᠢᠯ ᠤᠨ ᠲᠣᠭᠤᠶᠢᠯᠠᠩ ᠨᠢ ᠮᠠᠯᠵᠢᠬᠤ ᠠᠶᠢᠯ ᠤᠨ ᠬᠤᠨᠢ ᠮᠠᠯ ᠤᠨ ᠣᠩᠭᠠᠰᠣ ᠨᠣᠣᠰᠣᠨ ᠤ ᠠᠵᠢᠯ ᠢ ᠲᠠᠭᠠᠭᠠᠵᠣ ᠬᠦᠢᠴᠡᠳᠬᠡᠬᠦ ᠪᠠᠷ ᠲᠠᠮᠵᠢᠨ ᠵᠢᠯ ᠳᠡᠭᠡᠨ ᠪᠠᠭ᠎ᠠ ᠪᠣᠰᠣ ᠣᠷᠣᠯᠭ᠎ᠠ ᠣᠯᠳᠠᠭ ᠪᠦᠭᠡᠳ᠂ ᠲᠠᠪᠣᠨ ᠰᠠᠷ᠎ᠠ  ᠶᠢᠨ ᠰᠡᠭᠦᠯᠴᠢ ᠠᠴᠠ ᠬᠤᠷᠠᠭ᠎ᠠ ᠬᠠᠶᠢᠴᠢᠯᠠᠬᠤ ᠠᠵᠢᠯ ᠡᠬᠢᠯᠡᠪᠡᠯ ᠬᠤᠷᠢᠭᠠᠳ ᠬᠤᠨᠤᠭ ᠤᠨ ᠲᠣᠷᠰᠢ  ᠶᠠᠭᠠᠷᠠᠯᠳᠠᠢ ᠠᠵᠢᠯᠯᠠᠵᠣ ᠂ ᠡᠳᠦᠷ ᠲᠤ  ᠬᠦᠮᠦᠨ ᠪᠦᠷᠢ ᠪᠠᠷᠤᠭ 300 ᠠᠴᠠ 1000 ᠲᠦᠭᠦᠷᠢᠭ ᠣᠷᠴᠢᠮ ᠤᠨ ᠣᠷᠣᠯᠭ᠎ᠠ ᠣᠯᠳᠠᠭ ᠪᠠᠶᠢᠨ᠎ᠠ᠃        
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号