ᠬᠤᠨᠤᠭ ᠥᠨᠵᠢᠭᠰᠡᠨ ᠲᠠᠷᠪᠤᠰ ᠬᠤᠤᠷᠳᠠᠢ ᠤᠤ︖
ᠨᠡᠶᠢᠲᠡᠯᠡᠭᠰᠡᠨ ᠴᠠᠭ᠄
2024/6/18
       ᠵᠤᠨ ᠤ ᠠᠭᠠᠬᠢᠮ᠎ᠠ ᠬᠠᠯᠠᠭᠤᠨ ᠳᠤ ᠤᠮᠳᠠ ᠳᠠᠷᠤᠬᠤ ᠵᠢᠮᠢᠰ ᠭᠡᠪᠠᠯ ᠡᠩ ᠲᠡᠷᠢᠭᠦᠨ ᠳᠤ  ᠲᠠᠷᠪᠤᠰ ᠳᠤᠷᠠᠳᠤᠭᠳᠠᠳᠠᠭ᠃ ᠭᠡᠲᠡᠯ᠎ᠡ ︽ᠬᠤᠨᠤᠭ ᠥᠨᠵᠢᠭᠰᠡᠨ ᠲᠠᠷᠪᠤᠰ ᠬᠤᠤᠷᠳᠠᠢ︾ ᠭᠡᠬᠦ ᠮᠡᠲᠦ ᠶᠢᠨ ᠮᠡᠳᠡᠭᠡ ᠬᠠᠶᠠ ᠶᠠ ᠦᠭᠡᠢ ᠰᠤᠨᠤᠰᠳᠠᠵᠤ ᠪᠠᠶᠢᠳᠠᠭ᠃ ᠲᠡᠭᠡᠪᠠᠯ ᠲᠡᠷᠪᠤᠰ ᠢ ᠴᠤᠬᠤᠮ ᠬᠡᠷᠭᠢᠨ ᠢᠳᠡᠪᠡᠯ ᠵᠤᠬᠢᠬᠤ ᠪᠤᠢ︖             ᠬᠦᠯᠳᠡᠭᠡᠭᠦᠷ ᠲᠤ ᠦᠨᠵᠢᠭᠡᠭᠰᠡᠨ ᠲᠠᠷᠪᠤᠰ ᠢ ᠢᠳᠡᠵᠤ ᠪᠤᠯᠬᠤ ᠤᠤ︖             ᠬᠡᠷᠴᠢᠭᠡ ᠦᠭᠡᠢ ᠪᠦᠳᠦᠨ ᠲᠠᠷᠪᠤᠰ ᠲᠤ ᠪᠠᠷᠤᠭ ᠦᠨᠳᠦᠰᠦᠨ ᠳᠡᠭᠡᠨ ᠪᠠᠺᠲ᠋ᠧᠷᠢ  ᠪᠠᠶᠢᠳᠠᠭ ᠦᠭᠡᠢ᠂ ᠭᠡᠲᠡᠯ᠎ᠡ ᠬᠡᠷᠴᠢᠭᠰᠡᠨ ᠤ ᠳᠠᠷᠠᠭ᠎ᠠ ᠮᠠᠰᠢ ᠲᠦᠷᠭᠡᠨ ᠪᠠᠺᠲ᠋ᠧᠷᠢ ᠲᠠᠢ ᠪᠣᠯᠳᠠᠭ ᠪᠥᠭᠡᠳ ᠤᠳᠠᠬᠤ ᠲᠤᠳᠤᠮ ᠢᠶᠠᠨ ᠪᠠᠺᠲ᠋ᠧᠷᠢ ᠨᠢ ᠦᠷᠠᠵᠢᠵᠤ᠂ ᠡᠩ ᠤᠨ ᠠᠭᠠᠷ ᠤᠨ ᠲᠤᠯᠠᠭᠠᠨ ᠳᠤ ᠤᠳᠠᠯ ᠦᠭᠡᠢ ᠢᠯᠵᠢᠷᠡᠴᠢᠬᠡᠳᠡᠭ᠃ ᠲᠠᠷᠪᠤᠰ ᠬᠤᠳᠠᠯᠳᠤᠵᠤ ᠠᠪᠬᠤ ᠳᠠᠭᠠᠨ ᠲᠠᠯ᠎ᠠ ᠶᠢ ᠨᠢ ᠠᠪᠬᠤ ᠳᠤ ᠬᠦᠷᠪᠡᠯ᠂ ᠬᠡᠷᠴᠢᠭᠰᠡᠨ ᠴᠠᠭ ᠢ ᠨᠢ ᠠᠩᠬᠠᠷᠬᠤ ᠬᠡᠷᠡᠭᠳᠡᠢ᠃ ᠵᠤᠨ ᠤ ᠬᠠᠯᠠᠭᠤᠨ ᠳᠤ ᠬᠡᠷᠴᠢᠭᠡᠳ  ᠬᠡᠳᠦᠨ ᠴᠠᠭ ᠪᠤᠯᠤᠭᠰᠠᠨ ᠲᠠᠷᠪᠤᠰ ᠲᠤ ᠪᠠᠺᠲ᠋ᠧᠷᠢ ᠨᠢᠭᠡᠨᠳᠡ ᠶᠡᠭᠡᠪᠠᠷ ᠦᠷᠡᠵᠢᠭᠰᠡᠨ ᠪᠤᠯᠬᠤᠷ ᠬᠦᠯᠳᠡᠭᠡᠭᠦᠷ ᠲᠤ ᠬᠢᠯ᠎ᠡ ᠴᠤ ᠬᠡᠰᠡᠨ ᠪᠠᠺᠲ᠋ᠧᠷᠢ ᠶᠢᠨ ᠭᠡᠮᠵᠢᠶ᠎ᠡ ᠪᠠᠷᠢᠮᠵᠢᠶᠠᠨ ᠠᠴᠠ ᠬᠡᠲᠦᠷᠡᠭᠰᠡᠨ ᠪᠠᠶᠢᠳᠠᠭ᠃ ᠡᠶᠢᠮᠦ ᠠᠴᠠ ᠲᠤᠤᠷᠠᠬᠢ ᠬᠡᠳᠦᠨ ᠲᠠᠯ᠎ᠠ ᠪᠠᠷ ᠠᠩᠬᠠᠷᠪᠠᠯ ᠵᠤᠬᠢᠨ᠎ᠠ᠄              ᠨᠢᠭᠡ᠂ ᠲᠠᠷᠪᠤᠰ ᠤᠨ ᠬᠡᠵᠢᠶ᠎ᠡ ᠬᠡᠷᠴᠢᠭᠰᠡᠨ ᠢ ᠨᠢ ᠮᠡᠳᠡᠬᠦ ᠦᠭᠡᠢ ᠪᠣᠯ  ᠬᠤᠨᠤᠭ  ᠦᠨᠵᠢᠭᠡᠵᠤ  ᠪᠣᠯᠬᠤ ᠦᠭᠡᠢ᠃            ᠬᠤᠶᠠᠷ᠂ ᠬᠦᠯᠳᠡᠬᠡᠭᠦᠷ ᠲᠤ ᠬᠠᠳᠠᠭᠠᠯᠠᠭᠰᠠᠨ ᠦᠭᠡᠢ ᠵᠢᠵᠢᠭᠯᠡᠨ ᠬᠡᠷᠴᠢᠭᠰᠡᠨ ᠲᠠᠷᠪᠤᠰ ᠢ ᠪᠢᠳᠡᠬᠡᠢ ᠬᠤᠳᠠᠯᠳᠤᠨ ᠠᠪᠤᠭᠠᠷᠠᠢ᠃            ᠭᠤᠷᠪᠠ᠂ ᠲᠠᠷᠪᠤᠰ ᠢ ᠬᠠᠭᠠᠯᠤᠭᠰᠠᠨ ᠬᠤᠶᠢᠨ᠎ᠠ ᠢᠳᠡᠬᠦ ᠬᠡᠰᠡᠭ ᠢᠶᠠᠨ ᠦᠯᠡᠳᠡᠭᠡᠵᠤ᠂  ᠢᠳᠡᠬᠦ ᠦᠭᠡᠢ ᠬᠡᠰᠡᠭ  ᠢᠶᠠᠨ ᠰᠠᠶᠢᠳᠤᠷ ᠪᠦᠳᠡᠭᠡᠵᠤ ᠲᠠᠷᠤᠶᠢᠬᠠᠨ ᠬᠦᠯᠳᠡᠭᠡᠭᠦᠷ ᠲᠤ ᠬᠢᠵᠦ ᠬᠠᠳᠠᠭᠠᠯᠠᠭᠠᠷᠠᠢ᠃            ᠲᠦᠷᠪᠠ᠂ ᠲᠦᠭᠦᠬᠡᠢ ᠢᠳᠡᠭᠡᠨ ᠪᠠ ᠪᠣᠯᠭᠤᠭᠰᠠᠨ ᠢᠳᠡᠭᠡᠨ ᠬᠡᠷᠴᠢᠳᠡᠭ ᠭᠢᠳᠤᠭ᠎ᠠ  ᠠᠮᠪᠠᠨ ᠢᠶᠠᠨ ᠡᠷᠬᠡᠪᠰᠢ ᠰᠠᠯᠭᠠᠵᠦ ᠬᠡᠷᠡᠭᠯᠡᠬᠦ ᠬᠡᠷᠡᠭᠳᠡᠢ᠃            ᠲᠠᠪᠤ᠂ ᠬᠦᠯᠳᠡᠭᠡᠭᠦᠷ ᠲᠤ  ᠪᠤᠯᠭᠤᠭᠰᠠᠨ ᠢᠳᠡᠭᠡᠨ ᠪᠠ ᠲᠦᠭᠦᠭᠡᠢ ᠢᠳᠡᠭᠡᠨ ᠢ ᠡᠷᠬᠡᠪᠰᠢ ᠰᠠᠯᠭᠠᠨ ᠬᠠᠳᠠᠭᠠᠯᠠᠵᠤ᠂ ᠲᠠᠷᠪᠤᠰ ᠢᠶᠠᠨ ᠬᠠᠮᠤᠭ ᠲᠡᠭᠡᠷ᠎ᠠ ᠭᠡᠰᠡᠭ ᠲᠤᠨᠢ ᠪᠤᠶᠤ ᠵᠢᠮᠢᠰ ᠬᠠᠳᠠᠭᠠᠯᠠᠳᠠᠭ ᠲᠤᠰᠬᠠᠢ ᠲᠠᠰᠤᠯᠭᠠᠨ ᠳᠤᠨᠢ ᠬᠢᠪᠡᠯ ᠵᠤᠬᠢᠨ᠎ᠠ᠃            ᠡᠭᠦᠨ ᠠᠴᠠ ᠭᠠᠳᠠᠨ᠎ᠠ ᠭᠢᠳᠡᠳ ᠡᠮᠨᠡᠯᠭᠡ ᠶᠢᠨ ᠲᠠᠯ᠎ᠠ ᠠᠴᠠ ᠠᠪᠴᠤ ᠬᠡᠯᠡᠪᠠᠯ᠂  ᠲᠠᠷᠪᠤᠰ ᠪᠤᠯ ᠬᠦᠢᠳᠡᠨ ᠰᠡᠷᠢᠭᠦᠨ ᠴᠢᠨᠠᠷ ᠲᠠᠢ ᠪᠣᠯᠬᠤᠷ ᠶᠡᠭᠡ ᠢᠳᠡᠪᠡᠯ ᠭᠡᠳᠡᠰᠦ  ᠬᠤᠳᠣᠭᠤᠳᠤᠨ ᠳᠤ ᠮᠠᠭᠤ ᠶᠤᠮ᠃ ᠬᠤᠳᠤᠭᠤᠳᠤ ᠬᠡᠳᠡᠰᠦᠨ ᠤ ᠰᠢᠷᠬᠠᠯᠠᠭ᠎ᠠ ᠲᠠᠢ ᠬᠦᠮᠦᠰ ᠪᠠ ᠰᠠᠷ᠎ᠠ ᠶᠢᠨ ᠭᠭᠢᠷ ᠢᠷᠡᠭᠰᠡᠨ ᠦᠶ᠎ᠡ ᠳᠤ ᠲᠠᠷᠪᠤᠰ ᠢᠳᠡᠬᠦ ᠦᠭᠡᠢ ᠪᠤᠶᠤ ᠪᠠᠭ᠎ᠠ ᠢᠳᠡᠪᠡᠯ ᠵᠤᠬᠢᠨ᠎ᠠ᠃      
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号