ᠸᠢᠴᠠᠲ ᠢᠶᠠᠷ ᠵᠣᠭᠤᠰ ᠶᠠᠪᠤᠭᠤᠯᠬᠤ ᠪᠠ ᠤᠯᠠᠭᠠᠨ ᠪᠠᠭᠯᠠᠭ᠎ᠠ ᠪᠠᠷ ᠵᠣᠭᠤᠰ ᠶᠠᠪᠤᠭᠤᠯᠬᠤ ᠳᠤ ᠠᠯᠢ ᠶᠢ ᠨᠢ  ᠪᠤᠴᠠᠭᠠᠬᠤ ᠬᠡᠷᠡᠭᠲᠡᠢ ᠪᠤᠢ︖
ᠨᠡᠶᠢᠲᠡᠯᠡᠭᠰᠡᠨ ᠴᠠᠭ᠄
2024/6/17
     ᠸᠢᠴᠠᠲ ᠢᠶᠠᠷ ᠵᠣᠭᠤᠰ ᠶᠠᠪᠤᠭᠤᠯᠬᠤ  ᠪᠠ  ᠤᠯᠠᠭᠠᠨ  ᠪᠠᠭᠯᠠᠭ᠎ᠠ  ᠪᠠᠷ  ᠵᠣᠭᠤᠰ  ᠶᠠᠪᠤᠭᠤᠯᠬᠤ  ᠠᠵᠤ  ᠠᠬᠤᠢ ᠶᠢᠨ ᠶᠠᠪᠤᠯᠴᠠᠭ᠎ᠠ ᠨᠢ ᠠᠳᠠᠯᠢ ᠰᠢᠨᠵᠢ ᠴᠢᠨᠠᠷ ᠲᠠᠢ ᠦᠦ︖        ᠣᠶᠢᠷ᠎ᠠ ᠳᠤ᠂  ᠪᠡᠭᠡᠵᠢᠩ  ᠬᠤᠲᠠ ᠶᠢᠨ  ᠬᠠᠢ  ᠳ᠋ᠢᠶᠠᠨ  ᠲᠣᠭᠤᠷᠢᠭ ᠤᠨ ᠠᠷᠠᠳ ᠤᠨ ᠰᠢᠭᠦᠬᠦ ᠬᠤᠷᠢᠶ᠎ᠠ   ᠨᠢ  ᠵᠣᠭᠤᠰ  ᠵᠢᠭᠡᠯᠡᠭᠰᠡᠨ  ᠵᠢᠭᠤᠷᠠᠯᠳᠤᠭᠠᠨ ᠤ  ᠬᠡᠷᠡᠭ ᠢ  ᠰᠢᠭᠦᠨ  ᠳᠠᠭᠤᠰᠬᠠᠵᠤ᠂  ᠸᠢᠴᠠᠲ ᠢᠶᠠᠷ ᠵᠣᠭᠤᠰ ᠶᠠᠪᠤᠭᠤᠯᠬᠤ ᠪᠠ ᠤᠯᠠᠭᠠᠨ ᠪᠠᠭᠯᠠᠭ᠎ᠠ ᠪᠠᠷ ᠵᠣᠭᠤᠰ ᠶᠠᠪᠤᠭᠤᠯᠬᠤ ᠨᠢ ᠰᠢᠨᠵᠢ ᠴᠢᠨᠠᠷ ᠤᠨ ᠢᠯᠭᠠᠭ᠎ᠠ ᠲᠠᠢ ᠪᠠᠶᠢᠳᠠᠭ ᠢ ᠮᠠᠭᠠᠳᠯᠠᠨ ᠲᠣᠭᠲᠠᠭᠠᠵᠠᠢ᠂ ᠲᠤᠬᠠᠶᠢᠯᠠᠪᠠᠯ ᠤᠯᠠᠭᠠᠨ  ᠪᠠᠭᠯᠠᠭ᠎ᠠ  ᠪᠠᠷ  ᠵᠣᠭᠤᠰ  ᠶᠠᠪᠤᠭᠤᠯᠬᠤ ᠨᠢ  ᠪᠡᠯᠡᠭᠯᠡᠨ  ᠥᠭᠭᠦᠭᠰᠡᠨ ᠳᠤ ᠲᠣᠭᠠᠴᠠᠭᠳᠠᠵᠤ᠂ ᠸᠢᠴᠠᠲ ᠢᠶᠠᠷ ᠵᠣᠭᠤᠰ ᠶᠠᠪᠤᠭᠤᠯᠬᠤ ᠨᠢ ᠵᠣᠭᠤᠰ ᠵᠢᠭᠡᠯᠡᠭᠰᠡᠨ ᠳᠤ ᠲᠣᠭᠠᠴᠠᠭᠳᠠᠨ᠎ᠠ᠃               ︽ᠸᠢᠴᠠᠲ ᠢᠶᠠᠷ ᠵᠣᠭᠤᠰ  ᠶᠠᠪᠤᠭᠤᠯᠬᠤ  ᠪᠠ  ᠤᠯᠠᠭᠠᠨ  ᠪᠠᠭᠯᠠᠭ᠎ᠠ  ᠪᠠᠷ  ᠵᠣᠭᠤᠰ  ᠶᠠᠪᠤᠭᠤᠯᠬᠤ   ᠨᠢ  ᠬᠡᠳᠦᠶᠢᠪᠡᠷ ᠸᠢᠴᠠᠲ ᠤᠨ ᠵᠥᠭᠡᠯᠡᠨ ᠲᠤᠨᠤᠭ ᠢᠶᠠᠷ ᠳᠠᠮᠵᠢᠭᠤᠯᠤᠨ ᠵᠣᠭᠤᠰ ᠶᠠᠪᠤᠭᠤᠯᠵᠤ ᠪᠠᠶᠢᠭ᠎ᠠ ᠪᠣᠯᠪᠠᠴᠤ ᠸᠢᠴᠠᠲ ᠤᠨ ᠵᠥᠭᠡᠯᠡᠨ  ᠲᠤᠨᠤᠭ‌ ᠤᠨ ᠠᠳᠠᠯᠢ ᠪᠤᠰᠤ ᠴᠢᠳᠠᠮᠵᠢ ᠵᠢᠴᠢ ᠰᠢᠨᠵᠢ ᠴᠢᠨᠠᠷ ᠤᠨ ᠲᠠᠯ᠎ᠠ ᠠᠴᠠ ᠵᠣᠭᠤᠰ ᠶᠠᠪᠤᠭᠤᠯᠬᠤ ᠬᠤᠶᠠᠷ ᠵᠦᠢᠯ ᠤᠨ ᠰᠢᠨᠵᠢ  ᠴᠢᠨᠠᠷ ᠢ ᠢᠯᠭᠠᠵᠤ ᠮᠠᠭᠠᠳᠯᠠᠨ ᠲᠣᠭᠲᠠᠭᠠᠬᠤ ᠬᠡᠷᠡᠭᠲᠡᠢ︾ ᠭᠡᠵᠦ  ᠰᠢᠭᠦᠬᠦ  ᠲᠤᠰᠢᠶᠠᠯᠲᠠᠨ  ᠬᠡᠯᠡᠭᠰᠡᠨ  ᠢᠶᠠᠨ  ᠵᠠᠯᠭᠠᠭᠠᠳ᠂  ᠸᠢᠴᠠᠲ ᠤᠨ ᠵᠥᠭᠡᠯᠡᠨ ᠲᠣᠨᠤᠭ ᠨᠢ ᠨᠡᠶᠢᠭᠡᠮ ᠤᠨ ᠬᠠᠷᠢᠯᠴᠠᠭᠠᠨ ᠤ ᠪᠠᠭᠠᠵᠢ ᠪᠣᠯᠤᠭᠰᠠᠨ ᠤ ᠬᠤᠪᠢ ᠳᠤ ᠡᠳᠦᠷ  ᠲᠤᠲᠤᠮ ᠤᠨ  ᠨᠡᠪᠲᠡᠷᠡᠯᠴᠡᠵᠦ ᠰᠣᠯᠢᠯᠴᠠᠬᠤ  ᠴᠢᠳᠠᠮᠵᠢ ᠶᠢ  ᠪᠦᠷᠢᠯᠳᠦᠭᠦᠯᠦᠭᠰᠡᠨ ᠠᠴᠠ  ᠭᠠᠳᠠᠨ᠎ᠠ   ᠪᠠᠰᠠ   ᠨᠡᠶᠢᠭᠡᠮ ᠤᠨ   ᠬᠠᠷᠢᠯᠴᠠᠭᠠᠨ ᠤ   ᠴᠢᠳᠠᠮᠵᠢ ᠶᠢ ᠪᠦᠷᠢᠯᠳᠦᠭᠦᠯᠦᠭᠰᠡᠨ ᠪᠠᠶᠢᠳᠠᠭ᠂ ᠭᠡᠲᠡᠯ᠎ᠡ ᠸᠢᠴᠠᠲ ᠤᠨ ᠤᠯᠠᠭᠠᠨ ᠪᠠᠭᠯᠠᠭ᠎ᠠ ᠨᠢ ᠬᠠᠷᠢᠨ  ᠸᠢᠴᠠᠲ ᠤᠨ  ᠵᠥᠭᠡᠯᠡᠨ  ᠲᠣᠨᠤᠭ ᠤᠨ ᠨᠡᠶᠢᠭᠡᠮ ᠤᠨ ᠬᠠᠷᠢᠯᠴᠠᠭᠠᠨ ᠤ ᠴᠢᠳᠠᠮᠵᠢ ᠶᠢᠨ ᠨᠡᠶᠢᠲᠡᠯᠢᠭ ᠢᠯᠡᠷᠡᠯ ᠪᠣᠯᠣᠨ᠎ᠠ᠃ ᠸᠢᠴᠠᠲ ᠤᠨ ᠤᠯᠠᠭᠠᠨ ᠪᠠᠭᠯᠠᠭ᠎ᠠ  ᠪᠠᠷ  ᠵᠣᠭᠤᠰ ᠶᠠᠪᠤᠭᠤᠯᠬᠤ ᠳᠤ ᠬᠠᠮᠤᠭ ᠠᠷᠪᠢᠨ ᠳᠠᠭᠠᠨ 200 ᠲᠥᠭᠦᠷᠢᠭ ᠶᠠᠪᠤᠭᠤᠯᠵᠤ ᠪᠤᠯᠬᠤ ᠪᠥᠭᠡᠳ ᠲᠡᠭᠦᠨ  ᠢ ︽ᠤᠯᠠᠭᠠᠨ ᠪᠠᠭᠯᠠᠭ᠎ᠠ︾ ᠭᠡᠳᠡᠭ᠂ ᠮᠠᠨ ᠤ ᠤᠯᠤᠰ ᠤᠨ ᠠᠷᠠᠳ ᠤᠨ ᠵᠠᠩ ᠳᠠᠳᠬᠠᠯ ᠢ ᠦᠨᠳᠦᠰᠦᠯᠡᠨ ︽ᠤᠯᠠᠭᠠᠨ ᠪᠠᠭᠯᠠᠭ᠎ᠠ︾ ᠥᠭᠬᠦ ᠨᠢ ᠡᠩ ᠤᠨ ᠪᠠᠶᠢᠳᠠᠯ ᠳᠣᠣᠷ᠎ᠠ ᠰᠠᠶᠢᠨ ᠳᠤᠷ᠎ᠠ ᠠᠴᠠ ᠪᠠᠨ ᠪᠡᠯᠡᠭᠯᠡᠨ  ᠬᠦᠷᠭᠡᠭᠰᠡᠨ ᠢ ᠬᠠᠷᠠᠭᠤᠯᠵᠤ᠂ ᠪᠤᠴᠠᠭᠠᠬᠤ ᠴᠢᠬᠤᠯᠠ ᠦᠭᠡᠢ ᠪᠠᠶᠢᠳᠠᠭ᠃                   ᠸᠢᠴᠠᠲ ᠢᠶᠠᠷ ᠵᠣᠭᠤᠰ ᠶᠠᠪᠤᠭᠤᠯᠬᠤ ᠨᠢ ᠤᠯᠠᠭᠠᠨ ᠪᠠᠭᠯᠠᠭ᠎ᠠ  ᠪᠠᠷ  ᠵᠣᠭᠤᠰ  ᠶᠠᠪᠤᠭᠤᠯᠬᠤ  ᠲᠠᠢ  ᠠᠳᠠᠯᠢ  ᠦᠭᠡᠢ᠂ ︽ᠪᠡᠯᠡᠭᠯᠡᠨ ᠬᠦᠷᠭᠡᠬᠦ︾ ᠤᠳᠬ᠎ᠠ ᠦᠭᠡᠢ᠂ ᠲᠡᠷᠡ ᠨᠢ ᠵᠥᠪᠬᠡᠨ ᠸᠢᠴᠠᠲ ᠤᠨ ᠵᠥᠭᠡᠯᠡᠨ  ᠲᠤᠨᠤᠭ  ᠤᠨ  ᠵᠣᠭᠤᠰ  ᠶᠠᠪᠤᠭᠤᠯᠬᠤ ᠴᠢᠳᠠᠮᠵᠢ᠂ ᠨᠡᠶᠢᠭᠡᠮ ᠤᠨ ᠪᠡᠶᠡᠴᠢ ᠴᠣᠭᠴᠠ ᠶᠢᠨ ᠬᠤᠭᠤᠷᠣᠨᠳᠤ ᠦᠷᠭᠦᠯᠵᠢ ᠬᠡᠷᠡᠭᠯᠡᠳᠡᠭ ᠵᠣᠭᠤᠰ ᠶᠠᠪᠤᠭᠤᠯᠬᠤ ᠠᠷᠭ᠎ᠠ ᠮᠠᠶ᠋ᠢᠭ ᠤᠨ‌ᠨᠢᠭᠡ ᠪᠣᠯᠣᠨ᠎ᠠ᠃ ᠲᠤᠰ ᠬᠡᠷᠡᠭ ᠲᠤ᠂ ᠵᠠᠭᠠᠯᠳᠤᠭᠴᠢ ᠨᠢ ᠸᠢᠴᠠᠲ ᠢᠶᠠᠷ ᠠᠷᠠᠳ ᠤᠨ ᠬᠤᠭᠤᠷᠣᠨᠳᠣᠬᠢ ᠵᠢᠭᠡᠯᠡᠯᠭᠡ ᠶᠢᠨ ᠬᠠᠷᠢᠴᠠᠭ᠎ᠠ ᠪᠠᠶᠢᠭᠤᠯᠬᠤ ᠪᠠᠷ ᠵᠣᠷᠢᠪᠠ᠂ ᠵᠠᠭᠠᠯᠳᠤᠭᠳᠠᠭᠴᠢ ᠬᠡᠷᠪᠡ ᠵᠣᠭᠤᠰ ᠤᠨ ᠰᠢᠨᠵᠢ ᠴᠢᠨᠠᠷ ᠢ ᠪᠡᠯᠡᠭᠯᠡᠨ ᠬᠦᠷᠭᠡᠭᠰᠡᠨ ᠭᠡᠵᠦ  ᠵᠣᠷᠢᠬᠤ  ᠳᠤ ᠬᠦᠷᠪᠡᠯ ᠵᠣᠬᠢᠴᠠᠩᠭᠤᠢ ᠭᠡᠷᠡᠴᠢ ᠪᠠᠷᠢᠮᠲᠠ ᠲᠤᠰᠢᠶᠠᠬᠤ ᠴᠢᠬᠤᠯᠠᠲᠠᠢ᠂ ᠡᠰᠡ ᠲᠡᠭᠡᠪᠡᠯ ᠭᠡᠷᠡᠴᠢ ᠪᠠᠷᠢᠮᠲᠠ ᠳᠤᠷᠠᠳᠴᠤ ᠦᠯᠦ ᠪᠤᠯᠬᠤ ᠠᠰᠢᠭ ᠦᠭᠡᠢ ᠦᠷ᠎ᠡ ᠳ᠋ᠦᠩ ᠢ ᠡᠭᠦᠷᠭᠡᠯᠡᠬᠦ ᠪᠣᠯᠣᠨ᠎ᠠ᠃
 
ᠢᠷᠡᠯᠲᠡ᠄ ᠪᠠᠶᠠᠨᠨᠠᠭᠤᠷ ᠬᠤᠲᠠ ᠶᠢᠨ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号