ᠢᠳᠡᠭᠡᠯ ᠵᠤᠷᠢᠭ ᠢᠶᠠᠷ ᠱᠤᠭᠤᠭᠳᠠᠬᠤ ᠨᠠᠨᠳᠢᠨ ᠦᠢᠯᠡ
ᠨᠡᠶᠢᠲᠡᠯᠡᠭᠰᠡᠨ ᠴᠠᠭ᠄
2024/6/13
    ᠤᠷᠴᠢᠮᠬᠠᠨ ᠰᠢᠯᠢ ᠶᠢᠨ ᠭᠤᠤᠯ ᠠᠶᠢᠮᠠᠭ ᠤᠨ ᠠᠪᠠᠭ᠎ᠠ ᠬᠤᠰᠢᠭᠤᠨ ᠳᠤ ᠶᠠᠪᠤᠭᠳᠠᠭᠰᠠᠨ ᠪᠥᠬᠦ ᠠᠶᠢᠮᠠᠭ ᠤᠨ ᠵᠡᠮᠳᠡᠭᠴᠦᠳ ᠤᠨ ᠤᠷᠠᠯᠢᠭ ᠤᠨ ᠪᠠᠶᠠᠷ ᠢᠶᠠᠷ ᠭᠠᠷ ᠤᠷᠠᠯᠠᠯ ᠤᠨ ᠪᠦᠳᠦᠭᠡᠯ ᠤᠨ ᠰᠢᠯᠭᠠᠷᠠᠭᠤᠯᠤᠯᠲᠠ ᠳᠤ ᠪᠠᠷᠠᠭᠤᠨ ᠦᠵᠦᠮᠦᠴᠢᠨ ᠬᠤᠰᠢᠭᠤᠨ ᠤ ᠵᠢᠷ ᠤᠨ ᠭᠤᠤᠯ ᠪᠠᠯᠭᠠᠰᠤᠨ ᠤ ᠬᠦᠬᠡᠰᠢᠯᠢ ᠭᠠᠴᠠᠭᠠᠨ ᠤ ᠮᠠᠯᠴᠢᠨ ᠫᠤᠩᠰᠤᠭᠵᠢᠮᠪᠠ ᠭᠤᠸᠠᠢ  ᠶᠢᠨ ᠪᠦᠳᠦᠭᠡᠯ ᠬᠤᠶᠠᠳᠤᠭᠠᠷ ᠲᠡᠰ ᠤᠨ ᠱᠠᠩᠨᠠᠯ  ᠭᠠᠷᠳᠠᠵᠤ᠂  ᠪᠠᠶᠠᠷᠳᠠᠶᠢᠬᠠᠨ ᠰᠠᠭᠤᠨ᠎ᠠ᠃     ︽ᠵᠦᠭᠡᠷ ᠰᠠᠭᠤᠬᠤ ᠪᠠᠷ ᠵᠦᠯᠬᠦᠵᠦ  ᠰᠠᠭᠤᠶ᠎ᠠ︾ ᠬᠡᠮᠡᠨ᠂ ᠲᠠᠯᠠ ᠶᠢᠨ ᠲᠠᠪᠠᠭ᠎ᠠ ᠶᠢ ᠲᠦᠭᠦᠵᠦ ᠶᠠᠪᠤᠭ᠎ᠠ ᠨᠠᠰᠤᠳᠠᠨ ᠫᠤᠩᠰᠤᠭᠵᠢᠮᠪᠠ ᠬᠡᠳᠦᠢ ᠭᠠᠷ ᠨᠢ ᠵᠡᠮᠳᠡᠭ ᠪᠠᠶᠢᠯ᠎ᠠ ᠴᠦ ᠬᠡᠰᠡᠨ ᠶᠡᠷᠦ ᠠᠴᠠ ᠡᠲᠦᠷ ᠬᠤᠨᠤᠭ ᠢ ᠲᠠᠯᠠᠭᠠᠷ ᠦᠩᠭᠡᠷᠡᠬᠦᠯᠬᠦ ᠶᠢ ᠬᠦᠰᠡᠬᠦ ᠦᠭᠡᠢ ᠶᠠᠭᠤ ᠨᠢᠭᠡ ᠶᠢ ᠬᠢᠵᠦ ᠤᠷᠤᠯᠳᠤᠨ᠂ ᠠᠮᠢᠳᠤᠷᠠᠯ ᠠᠬᠤᠢ ᠳᠠᠭᠠᠨ ᠤᠷᠤᠯᠭ᠎ᠠ ᠡᠬᠦᠳᠴᠦ᠂ ᠨᠡᠮᠡᠷᠢ ᠪᠤᠯᠭᠠᠬᠤ  ᠶᠢ ᠬᠢᠴᠢᠶᠡᠨ ᠴᠢᠷᠮᠠᠶᠢᠭᠰᠠᠭᠠᠷ ᠢᠷᠡᠵᠠᠢ᠃     ᠡᠶᠢᠨᠬᠦ ᠲᠡᠷᠡᠪᠡᠷ ᠬᠤᠰᠢᠭᠤᠨ ᠲᠦᠪ ᠪᠠᠯᠭᠠᠷᠭᠤᠤᠯ ᠪᠠᠯᠭᠠᠰᠤᠨ ᠳᠤ  ᠰᠠᠭᠤᠷᠢᠰᠢᠭᠠᠳ ᠠᠷᠪᠠᠭᠠᠳ ᠵᠢᠯ ᠤᠨ ᠨᠢᠭᠤᠷ ᠢ ᠦᠵᠡᠵᠦ᠂ ᠰᠤᠷᠤᠭᠴᠢ ᠬᠠᠷᠠᠵᠤ ᠰᠠᠭᠤᠬᠤ ᠶᠢᠨ ᠵᠡᠷᠭᠡᠪᠡᠷ ᠰᠤᠷᠤᠭᠴᠢᠳ ᠤᠨ ᠭᠠᠷ ᠤᠷᠠᠯᠠᠯ ᠤᠨ ᠪᠦᠳᠦᠭᠡᠯ ᠢ ᠬᠢᠵᠦ ᠤᠷᠤᠯᠳᠤᠳᠠᠭ ᠪᠠᠶᠢᠭᠰᠠᠨ ᠢᠶᠠᠨ ᠤᠯᠠᠮ ᠬᠢᠬᠦ ᠲᠤᠳᠤᠮ ᠲᠤᠷᠠᠳᠠᠢ ᠪᠠᠭ᠋ᠠᠲᠠᠢ ᠪᠤᠯᠵᠤ᠂ ᠰᠤᠯᠠ ᠰᠡᠯᠡᠬᠦᠦ ᠴᠠᠭ ᠭᠠᠷᠪᠠᠯ ᠮᠤᠩᠭᠤᠯ ᠠᠮᠢᠳᠤᠷᠠᠯ ᠠᠬᠤᠢ ᠶᠢ ᠬᠠᠷᠠᠭᠤᠯᠤᠭᠰᠠᠨ ᠤᠯᠠᠨ ᠰᠠᠶᠢᠬᠠᠨ ᠪᠦᠳᠦᠭᠡᠯ ᠢ ᠮᠤᠳᠤ ᠪᠠᠷ ᠤᠷᠠᠯᠠᠨ ᠰᠡᠶᠢᠯᠵᠦ᠂ ᠤᠶᠢᠷ᠎ᠠ ᠬᠠᠪᠢ ᠶᠢᠨ ᠮᠡᠳᠡᠳᠡᠭ ᠲᠠᠨᠢᠳᠠᠭ ᠬᠦᠮᠦᠰ ᠠᠴᠠ ᠵᠠᠬᠢᠶᠠᠯᠠᠭ᠎ᠠ ᠲᠤᠰᠤᠨ᠂ ᠤᠷᠤᠯᠭ᠎ᠠ ᠡᠬᠦᠳᠦᠳᠡᠭ ᠪᠤᠯᠤᠭᠰᠠᠨ ᠨᠢ ᠲᠡᠬᠦᠨ ᠤ ᠬᠤᠪᠢ ᠳᠤ ᠤᠯᠠᠮ ᠴᠦ ᠤᠷᠮ᠎ᠠ ᠵᠤᠷᠢᠭ ᠢ ᠨᠢ ᠬᠦᠪᠴᠢᠯᠡᠵᠦ᠂ ᠤᠷᠤᠯᠳᠤᠭᠠᠨ ᠲᠡᠮᠡᠴᠡᠭᠡᠨ ᠳᠤ ᠴᠦ ᠢᠳᠡᠪᠬᠢᠯᠡᠨ ᠤᠷᠤᠯᠴᠠᠳᠠᠭ  ᠪᠤᠯᠵᠤ ᠦᠳᠡᠯᠦᠭᠡ ᠨᠠᠰᠤ ᠪᠠᠨ ᠪᠠᠶᠠᠷ ᠵᠢᠷᠭᠠᠯ ᠲᠠᠢ ᠦᠩᠭᠡᠷᠡᠬᠦᠯᠵᠦ ᠶᠠᠪᠤᠨ᠎ᠠ᠃     ᠨᠠᠰᠤᠳᠠᠨ ᠭᠤᠸᠠᠢ ᠲᠠᠭᠤᠤ ᠤᠷᠠᠯᠢᠭ ᠲᠤ ᠠᠪᠢᠶᠠᠰᠤᠯᠢᠭ ᠨᠢᠭᠡᠨ ᠪᠠᠶᠢᠵᠤ᠂  ᠵᠠᠯᠠᠭᠤ  ᠽᠠᠨᠳᠠᠨ ᠨᠠᠰᠤᠨ ᠳᠠᠭᠠᠨ ᠮᠤᠷᠢᠨ ᠬᠤᠭᠤᠷ ᠬᠤᠭᠤᠷᠳᠠᠨ ᠤᠷᠳᠤ ᠶᠢᠨ ᠲᠠᠭᠤᠤ  ᠂ ᠪᠤᠭᠤᠨᠢ ᠲᠠᠭᠤᠤ ᠰᠠᠶᠢᠬᠠᠨ ᠲᠠᠭᠤᠯᠠᠳᠠᠭ ᠪᠠᠶᠢᠭᠰᠠᠨ ᠢᠶᠠᠨ ᠭᠠᠷ ᠵᠡᠮᠳᠡᠭ ᠪᠤᠯᠤᠭᠰᠠᠨ ᠠᠴᠠ ᠬᠤᠶᠢᠰᠢ ᠲᠦᠷᠪᠡᠨ ᠤᠳᠠᠰᠤᠳᠤ ᠬᠤᠭᠤᠷ   ᠢᠶᠠᠨ ᠬᠤᠭᠤᠷᠳᠠᠨ᠂  ᠲᠠᠭᠤᠤ ᠬᠤᠭᠤᠷ ᠠᠶᠠᠯᠠᠭᠤᠯᠤᠨ ᠰᠡᠳᠬᠢᠯ ᠰᠠᠨᠠᠭ᠎ᠠ ᠪᠠᠨ  ᠪᠠᠶᠠᠰᠬᠠᠵᠤ ᠶᠠᠪᠤᠳᠠᠭ   ᠤᠨ ᠵᠡᠷᠭᠡᠪᠡᠷ ᠵᠢᠷᠬᠢᠶ᠎ᠡ ᠰᠦᠯᠵᠢᠶ᠎ᠡ ᠪᠠᠷ ᠡᠷᠬᠢᠯᠡᠬᠦ  ᠡᠯ᠎ᠡ ᠲᠦᠷᠦᠯ ᠤᠨ ᠲᠠᠭᠤᠠ ᠤ ᠤᠷᠤᠯᠳᠤᠭᠠᠨ ᠲᠡᠮᠡᠴᠡᠭᠡᠨ ᠳᠤ ᠴᠦ ᠤᠮᠤᠭ ᠲᠡᠭᠦᠯᠳᠡᠷ ᠤᠷᠤᠯᠴᠠᠵᠤ ᠤᠯᠠᠨ  ᠰᠠᠶᠢᠬᠠᠨ ᠤᠷᠮᠠᠰᠢᠭᠤᠯᠤᠯ ᠱᠠᠩᠨᠠᠯ   ᠢᠶᠠᠷ ᠡᠩᠭᠡᠷ ᠢᠶᠠᠨ ᠴᠢᠮᠡᠵᠦ᠂ ᠲᠤᠷᠠᠳᠠᠢ ᠪᠠᠭ᠋ᠠᠲᠠᠢ ᠵᠦᠢᠯᠡᠰ ᠢᠶᠠᠨ ᠡᠷᠬᠢᠴᠡᠬᠦᠯᠵᠦ  ᠶᠠᠭᠠᠷᠠᠨ᠎ᠠ᠃      ᠡᠬᠦᠨ ᠤ ᠵᠡᠷᠭᠡᠪᠡᠷ  ᠨᠠᠰᠤᠳᠠᠨ  ᠮᠠᠨᠢ ᠪᠠᠰᠠ ᠬᠠᠶᠢᠴᠢ ᠰᠠᠶᠢᠨ ᠢᠷᠯᠡᠵᠦ ᠪᠢᠯᠢᠭᠦᠳᠡᠳᠡᠭ ᠠᠴᠠ ᠤᠶᠢᠷ᠎ᠠ ᠵᠡᠷᠭᠡᠯᠡᠳᠡᠭᠡ  ᠶᠢᠨ ᠬᠢᠨᠢ ᠲᠤᠰᠬᠠᠶᠢᠯᠠᠨ ᠵᠤᠷᠢᠨ ᠢᠷᠡᠳᠡᠭ ᠨᠢ  ᠲᠡᠬᠦᠨ ᠤ ᠬᠤᠪᠢ   ᠳᠤ ᠤᠯᠠᠮ ᠴᠦ ᠶᠡᠭᠡ ᠤᠷᠮᠠᠰᠢᠭᠤᠯᠤᠯ ᠪᠤᠯᠵᠤ ᠭᠠᠷ  ᠤᠨ ᠦᠢᠯᠡ ᠶᠢ ᠨᠢ ᠢᠳᠡᠭᠡᠨ ᠲᠡᠮᠵᠢᠳᠡᠭ ᠬᠦᠮᠦᠰ ᠲᠤ ᠲᠠᠩᠳᠠ ᠶᠡᠭᠡ ᠲᠠᠯᠠᠷᠬᠠᠯ ᠡᠪᠦᠷᠯᠡᠵᠦ᠂ ᠢᠳᠡᠭᠡᠯ ᠨᠠᠶᠢᠳᠠᠯᠭ᠎ᠠ ᠶᠢᠨ ᠬᠢᠨᠢ ᠬᠠᠷᠢᠭᠤ ᠳᠤ ᠬᠠᠷᠠᠮ ᠦᠭᠡᠢ ᠰᠠᠶᠢᠨ ᠦᠢᠯᠡᠴᠢᠯᠡᠭᠡ ᠬᠠᠩᠭᠠᠨ ᠦᠷᠦᠭᠡᠯ ᠢ ᠪᠠᠶᠠᠰᠬᠠᠨ ᠦᠪᠡᠷᠳᠡᠭᠡᠨ ᠵᠤᠷᠢᠭᠵᠢᠵᠦ᠂ ᠦᠳᠡᠯᠦᠬᠡ ᠨᠠᠰᠤ ᠪᠠᠨ ᠤᠷᠮ᠎ᠠ ᠢᠳᠡᠭᠡᠯ ᠢᠶᠠᠷ ᠱᠤᠭᠤᠵᠤ᠂ ᠬᠤᠶᠢᠴᠢ ᠦᠶ᠎ᠡ ᠶᠢᠨ ᠬᠢᠨ ᠳᠡᠭᠡᠨ ᠬᠡᠪ ᠲᠠᠭᠤᠷᠢᠶᠠᠯ ᠪᠤᠯᠵᠤ ᠮᠠᠩᠨᠠᠢ ᠲᠡᠨᠡᠶᠢᠨ ᠪᠠᠶᠠᠰᠴᠤ ᠶᠠᠪᠤᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号