ᠭᠤᠯᠢᠷ ᠬᠤᠭᠤᠯᠠᠨ ᠭᠡᠷ ᠠᠴᠠ ᠪᠠᠶᠠᠵᠢᠯ ᠤᠨ ᠵᠠᠮ ᠲᠡᠰᠢ
ᠨᠡᠶᠢᠲᠡᠯᠡᠭᠰᠡᠨ ᠴᠠᠭ᠄
2024/6/13
   ︽ᠡᠳᠦᠷ ᠤᠨ ᠠᠵᠢᠯ ᠦᠷᠯᠦᠭᠡ‌ᠡᠴᠡ︾ ᠭᠡᠳᠡᠭᠴᠢᠯᠡᠨ ᠪᠠᠯᠭᠠᠷᠭᠤᠣᠯ ᠪᠠᠯᠭᠠᠰᠣᠨ ᠳᠤ ᠭᠤᠯᠢᠷ ᠬᠤᠭᠤᠯᠠᠨ ᠭᠡᠷ ᠡᠷᠬᠢᠯᠡᠳᠡᠭ ᠮᠦᠩᠭᠦᠨᠪᠠᠭᠠᠨ᠎ᠠ᠂ ᠲᠤᠶᠠᠭ᠎ᠠ ᠬᠤᠶᠠᠷ ᠡᠨᠡ ᠡᠳᠦᠷ ᠪᠠᠰᠠ ᠯᠡ ᠤᠷᠭᠤᠬᠤ ᠨᠠᠷᠠᠨ ᠠᠴᠠ ᠣᠷᠢᠳᠤᠭᠤᠷ ᠠᠵᠢᠯ ᠳᠠᠭᠠᠨ ᠣᠷᠣᠵᠤ᠂ ᠭᠠᠯ ᠲᠤᠭᠤᠭᠠᠨ ᠤ ᠵᠢᠵᠢᠭᠬᠡᠨ ᠥᠷᠦᠭᠡᠨ ᠳᠡᠭᠡᠨ ᠮᠠᠰᠢ ᠶᠠᠭᠠᠷᠠᠯᠲᠠᠢ ᠠᠵᠢᠯᠯᠠᠨ᠎ᠠ  ᠃     ᠮᠦᠩᠭᠦᠨᠪᠠᠭᠠᠨ᠎ᠠ᠂ ᠲᠤᠶᠠᠭ᠎ᠠ ᠪᠣᠯ ᠪᠠᠷᠠᠭᠤᠨ ᠦᠵᠦᠮᠦᠴᠢᠨ ᠬᠤᠰᠢᠭᠤᠨ ᠤ ᠪᠠᠶᠠᠨᠬᠤᠰᠢᠭᠤ ᠰᠣᠮᠣᠨ ᠤ ᠰᠠᠶᠢᠬᠠᠨᠨᠠᠭᠤᠷ ᠭᠠᠴᠠᠭᠠᠨ ᠤ ᠮᠠᠯᠴᠢᠨ᠃ ᠲᠡᠷᠡ ᠬᠤᠶᠠᠭᠤᠯᠠ 2007 ᠣᠨ ᠳᠤ ᠬᠤᠰᠢᠭᠤᠨ ᠲᠥᠪ ᠪᠠᠯᠭᠠᠷᠭᠤᠣᠯ ᠪᠠᠯᠭᠠᠰᠣᠨ ᠳᠤ   ᠢᠷᠡᠵᠦ᠂ ᠬᠡᠣᠬᠡᠳ ᠢᠶᠠᠨ ᠬᠠᠷᠠᠵᠤ ᠬᠠᠷᠠᠭᠠᠯᠵᠠᠬᠤ ᠶᠢᠨ ᠳᠠᠭᠠᠣ ᠥᠪᠡᠷ ᠲᠡᠭᠡᠨ ᠲᠤᠬᠢᠷᠠᠭᠰᠠᠨ ᠬᠦᠯᠦᠰᠦᠨ ᠠᠵᠢᠯ ᠬᠢᠵᠦ ᠡᠬᠢᠯᠡᠵᠡᠢ᠃ ᠪᠠᠷᠢᠯᠭ᠎ᠠ ᠶᠢᠨ ᠠᠵᠢᠯ᠂ ᠡᠪᠡᠰᠦ ᠬᠠᠳᠣᠯᠠᠩ ᠤᠨ ᠠᠵᠢᠯ ᠭᠡᠳ ᠡᠳᠡᠭᠡᠷ ᠣᠯᠠᠨ ᠵᠢᠯ ᠳᠤ ᠲᠡᠷᠡ ᠬᠤᠶᠠᠷ ᠤᠯᠠᠨ ᠲᠥᠷᠦᠯ ᠤᠨ ᠬᠦᠯᠦᠰᠦᠨ ᠠᠵᠢᠯ ᠬᠢᠵᠦ ᠶᠠᠪᠤᠬᠤ ᠳᠠᠭᠠᠨ ᠠᠵᠢᠯ ᠢ ᠶᠡᠷᠦ ᠨᠢ ᠭᠤᠯᠤᠵᠤ ᠦᠵᠡᠭᠰᠡᠨ ᠦᠭᠡᠢ᠂ ᠬᠠᠷᠢᠨ ᠨᠢᠭᠡ ᠡᠳᠦᠷ ᠴᠤ ᠭᠡᠰᠡᠨ ᠠᠵᠢᠯ ᠦᠭᠡᠢ ᠵᠦᠭᠡᠷ ᠰᠠᠭᠤᠬᠤ ᠶᠢ ᠲᠡᠪᠴᠢᠳᠡᠭ ᠪᠠᠶᠢᠵᠠᠢ᠃ ᠭᠡᠷᠭᠡᠢ ᠲᠤᠶᠠᠭ᠎ᠠ ᠨᠢ ᠣᠯᠠᠨ ᠵᠢᠯ  ᠬᠤᠭᠤᠯᠠᠨ ᠭᠡᠷ ᠲᠤ ᠠᠵᠢᠯᠯᠠᠭᠰᠠᠨ ᠢᠶᠠᠷ ᠬᠤᠭᠤᠯᠠᠨ ᠭᠡᠷ ᠤᠨ ᠠᠵᠢᠯ ᠳᠤ ᠵᠣᠬᠢᠬᠤ ᠲᠤᠷᠰᠢᠯᠭ᠎ᠠ ᠲᠠᠢ ᠪᠣᠯᠵᠤ᠂ 2019 ᠣᠨ ᠳᠤ  ᠪᠠᠯᠭᠠᠷᠭᠤᠣᠯ ᠪᠠᠯᠭᠠᠰᠣᠨ ᠳᠤ ︽ᠢᠲᠡᠭᠡᠯᠲᠡᠢ︾ ᠦᠬᠡᠷ ᠤᠨ  ᠮᠢᠬᠠᠨ ᠭᠤᠯᠢᠷ ᠬᠤᠭᠤᠯᠠᠨ ᠭᠡᠷ  ᠡᠷᠬᠢᠯᠡᠵᠦ  ᠂ ᠬᠥᠳᠡᠭᠡ ᠶᠢᠨ ᠪᠠᠶᠢᠭᠠᠯᠢᠯᠢᠭ  ᠪᠡᠯᠴᠢᠭᠡᠷ ᠤᠨ ᠰᠢᠨ᠎ᠡ ᠰᠣᠷᠭᠤᠭ ᠦᠬᠡᠷ ᠤᠨ ᠮᠢᠬ᠎ᠠ  ᠪᠠᠷ  ᠭᠤᠯᠢᠷ ᠬᠤᠭᠤᠯᠠ ᠶᠢ ᠥᠨᠦᠷ ᠠᠮᠲᠠᠲᠠᠢ ᠬᠢᠵᠦ᠂ ᠮᠠᠰᠢ ᠣᠯᠠᠨ ᠵᠣᠴᠢᠳ ᠤᠨ ᠬᠥᠷᠢᠶᠡᠯᠡᠯ ᠢ ᠣᠯᠣᠭᠰᠠᠨ ᠪᠠᠶᠢᠨ᠎ᠠ᠃     ︽ᠠᠩᠬ᠎ᠠ ᠡᠬᠢᠨ ᠳᠡᠭᠡᠨ ᠬᠤᠭᠤᠯᠠᠨ ᠭᠡᠷ ᠤᠨ ᠵᠣᠴᠢᠳ ᠲᠡᠶᠢᠮᠦ ᠤᠯᠠᠨ ᠪᠢᠰᠢ᠂ ᠡᠨᠡ ᠬᠡᠳᠦᠨ ᠵᠢᠯ ᠳᠤ ᠢᠳᠡᠭ ᠢᠳᠡᠭ ᠢᠶᠠᠷ ᠵᠣᠴᠢᠳ ᠣᠯᠠᠰᠢᠷᠠᠭᠰᠠᠨ︾ ᠭᠡᠮᠡᠨ ᠮᠥᠩᠭᠡᠨᠪᠠᠭᠠᠨ᠎ᠠ ᠶᠠᠷᠢᠯ᠎ᠠ᠃ ᠬᠤᠭᠤᠯᠠᠨ ᠭᠡᠷ ᠡᠷᠬᠢᠯᠡᠭᠰᠡᠨ ᠡᠳᠡᠭᠡᠷ ᠵᠢᠯ ᠎ ᠤᠳ ᠲᠤ ᠲᠡᠷᠡ ᠬᠤᠶᠠᠷ ᠵᠦᠪᠬᠡᠨ ᠨᠢᠭᠡ ᠯᠡ ᠵᠦᠢᠯ ᠢ ᠪᠠᠷᠢᠮᠲᠠᠯᠠᠭᠰᠠᠭᠠᠷ ᠢᠷᠡᠵᠡᠢ᠃ ᠲᠡᠷᠡ ᠨᠢ ᠳᠠᠷᠣᠢ ︽ᠢᠲᠡᠭᠡᠯ︾᠂ ᠲᠡᠶᠢᠮᠦ ᠠᠴᠠ ᠬᠤᠭᠤᠯᠠᠨ ᠭᠡᠷ ᠤᠨ ᠨᠡᠷᠡᠶᠢᠳᠦᠯ ᠢᠶᠠᠨ ᠴᠤ ᠭᠡᠰᠡᠨ ︽ᠢᠲᠡᠭᠡᠯᠲᠡᠢ︾ ᠭᠡᠰᠡᠨ ᠪᠠᠶᠢᠨ᠎ᠠ᠃ ᠠᠷᠢᠭᠤᠨ ᠴᠡᠪᠡᠷ  ᠬᠤᠭᠤᠯᠯᠠᠬᠤ ᠣᠷᠴᠢᠨ ᠠᠴᠠ ᠡᠬᠢᠯᠡᠭᠡᠳ ᠡᠲᠡᠭᠡᠳ ᠭᠤᠶᠤ ᠠᠮᠲᠠᠲᠠᠢ ᠭᠤᠯᠢᠷ ᠬᠤᠭᠤᠯᠠ᠂ ᠬᠠᠯᠠᠭᠤᠨ ᠵᠤᠴᠢᠨᠰᠠᠭ ᠦᠢᠯᠡᠴᠢᠯᠡᠭᠡ ᠨᠢ ᠴᠥᠮ ᠡᠳᠦᠷ ᠠᠴᠠ ᠡᠳᠦᠷ ᠨᠡᠩ ᠤᠯᠠᠨ ᠵᠣᠴᠢᠳ ᠢ ᠲᠠᠲᠠᠵᠤ᠂ ᠣᠳᠤ ᠪᠣᠯᠬᠤ ᠳᠤ ᠡᠳᠦᠷ  ᠤᠨ 200 ᠭᠠᠷᠣᠢ ᠠᠶᠠᠭ᠎ᠠ ᠭᠤᠯᠢᠷ ᠬᠤᠭᠤᠯᠠ ᠬᠢᠵᠦ᠂ ᠬᠤᠭᠤᠯᠠᠨ ᠭᠡᠷ ᠤᠨ ᠵᠢᠵᠢᠭᠬᠡᠨ ᠥᠷᠦᠭᠡᠨ ᠤ ᠬᠢᠨᠢ ᠲᠠᠪᠣᠨ ᠰᠢᠷᠡᠭᠡ ᠨᠢ ᠦᠷᠭᠦᠯᠵᠢ ᠵᠣᠴᠢᠳ ᠳᠦᠭᠦᠷᠴᠤ᠂ ᠵᠠᠷᠢᠮ ᠨᠢᠭᠡ ᠨᠢ ᠭᠠᠳᠠᠨ᠎ᠠ ᠲᠡᠷᠭᠡᠨ ᠳᠡᠭᠡᠨ ᠰᠠᠭᠤᠵᠤ ᠣᠷᠣ ᠭᠠᠷᠬᠤ ᠶᠢ ᠬᠥᠯᠢᠶᠡᠳᠡᠭ ᠪᠤᠯᠤᠭᠰᠠᠨ ᠪᠠᠶᠢᠨ᠎ᠠ᠃ ᠬᠤᠭᠤᠯᠠᠨ ᠭᠡᠷ ᠤᠨ ᠣᠷᠣᠯᠭ᠎ᠠ ᠨᠢ ᠡᠳᠦᠷ ᠢᠷᠡᠬᠦᠶ᠎ᠡ ᠰᠠᠶᠢᠵᠢᠷᠠᠭᠰᠠᠨ ᠠᠴᠠ ᠮᠥᠩᠭᠦᠨᠪᠠᠭᠠᠨ᠎ᠠ ᠲᠤᠶᠠᠭ᠎ᠠ ᠬᠤᠶᠠᠷ ᠤᠨ ᠣᠣᠯ ᠠᠴᠠ ᠪᠠᠨ ᠴᠢᠨᠡᠭᠡᠯᠢᠭ ᠪᠠᠶᠢᠭᠰᠠᠨ ᠠᠮᠢᠳᠣᠷᠠᠯ ᠨᠢ ᠨᠡᠩ ᠴᠢᠨᠡᠭᠡᠯᠢᠭᠵᠢᠵᠦ  ᠂ ᠬᠤᠲᠠ ᠬᠥᠳᠡᠭᠡ ᠎ ᠶᠢᠨ ᠪᠠᠶᠠᠨ ᠴᠢᠨᠡᠭᠡᠯᠢᠭ ᠠᠶᠢᠯ ᠡᠷᠥᠬᠡ ᠠᠴᠠ ᠲᠤᠲᠠᠬᠤ ᠵᠦᠢᠯ ᠦᠭᠡᠢ ᠪᠤᠯᠵᠠᠢ  ᠃    ︽ᠴᠢᠷᠮᠠᠶᠢᠯᠭ᠎ᠠ ᠬᠦᠮᠦᠨ ᠢ ᠭᠤᠮᠤᠳᠠᠳᠠᠭ ᠦᠭᠡᠢ︾ ᠭᠡᠳᠡᠭ ᠢ ᠮᠦᠩᠭᠦᠨᠪᠠᠭᠠᠨ᠎ᠠ᠂ ᠲᠤᠶᠠᠭ᠎ᠠ ᠬᠤᠶᠠᠷ ᠦᠢᠯᠡᠳᠦᠯᠭᠡ ᠎ ᠠᠴᠠ ᠭᠡᠷᠡᠴᠢᠯᠡᠵᠦ᠂  ᠠᠮᠢᠳᠣᠷᠠᠯ ᠦᠢᠯᠡᠰ ᠤᠨ ᠵᠠᠮ ᠳᠠᠭᠠᠨ ᠤᠯᠤᠯᠲᠠ ᠠᠮᠵᠢᠯᠲᠠ ᠳᠦᠭᠦᠷᠡᠩ ᠶᠠᠪᠤᠵᠤ᠂ ᠰᠢᠨ᠎ᠡ ᠬᠠᠷᠠᠯᠲᠠ ᠵᠣᠷᠢᠯᠲᠠ ᠲᠡᠰᠢ ᠢᠳᠡᠷᠡᠬᠦᠨ ᠠᠯᠬᠤᠨ᠎ᠠ᠃        
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号