ᠰᠢᠯᠢ ᠶᠢᠨ ᠭᠤᠣᠯ ᠠᠶᠢᠮᠠᠭ ᠤᠨ ᠤᠯᠤᠰ ᠲᠥᠷᠥ ᠶᠢᠨ ᠵᠥᠪᠯᠡᠯᠭᠡᠨ ᠤ ᠳᠡᠳ᠋ ᠲᠡᠷᠢᠭᠦᠯᠡᠭᠴᠢ ᠳᠠᠪᠰᠢᠯᠳᠤ ᠪᠠᠷᠠᠭᠤᠨ ᠦᠵᠦᠮᠦᠴᠢᠨ ᠬᠤᠰᠢᠭᠤᠨ ᠳᠤ ᠭᠦᠨᠵᠡᠭᠡᠶᠢᠷᠡᠨ ᠲᠤᠰᠬᠠᠢ ᠰᠡᠳᠦᠪᠲᠦ ᠪᠠᠶᠢᠴᠠᠭᠠᠨ ᠰᠤᠳᠤᠯᠤᠯᠲᠠ ᠥᠷᠨᠢᠭᠦᠯᠪᠡ
ᠨᠡᠶᠢᠲᠡᠯᠡᠭᠰᠡᠨ ᠴᠠᠭ᠄
2024/6/12
    6 ᠰᠠᠷ᠎ᠠ ᠶᠢᠨ 4᠎ ᠤ ᠡᠳᠦᠷ ᠠᠴᠠ 5᠎ ᠤ ᠡᠳᠦᠷ ᠪᠣᠯᠲᠠᠯ᠎ᠠ᠂ ᠠᠶᠢᠮᠠᠭ ᠤᠨ ᠤᠯᠤᠰ ᠲᠥᠷᠥ ᠶᠢᠨ ᠵᠥᠪᠯᠡᠯᠭᠡᠨ ᠤ ᠳᠡᠳ᠋ ᠲᠡᠷᠢᠭᠦᠯᠡᠭᠴᠢ ᠳᠠᠪᠰᠢᠯᠳᠤ ᠪᠦᠯᠬᠦᠮ ᠳᠠᠭᠠᠭᠤᠯᠤᠨ ︽ᠳᠤᠮᠳᠠᠳᠤ ᠤᠯᠤᠰ ᠤᠨ ᠠᠳᠤᠭᠤᠨ ᠤ ᠨᠠᠷᠠᠲᠤ ᠲᠡᠮᠳᠡᠭ ᠤᠨ ᠦᠨ᠎ᠡ ᠥᠷᠲᠡᠭ ᠢ ᠭᠦᠢᠴᠡᠳ ᠠᠭᠤᠳᠠᠯᠵᠤ᠂ ᠣᠲᠣ ᠦᠶ᠎ᠡ ᠶᠢᠨ ᠠᠳᠤᠭᠤᠨ ᠤ ᠠᠵᠤ ᠦᠢᠯᠡᠰ ᠢ ᠶᠡᠭᠡ ᠪᠠᠷ ᠬᠥᠭᠵᠢᠭᠦᠯᠬᠦ︾ ᠲᠣᠭᠤᠷᠢᠨ ᠳᠤ᠂ ᠮᠠᠨ ᠤ ᠬᠤᠰᠢᠭᠤᠨ ᠳᠤ ᠢᠷᠡᠵᠦ ᠲᠤᠰᠬᠠᠢ ᠰᠡᠳᠦᠪᠲᠦ ᠪᠠᠶᠢᠴᠠᠭᠠᠨ ᠰᠤᠳᠤᠯᠤᠯᠲᠠ ᠬᠢᠪᠡ᠃ ᠬᠤᠰᠢᠭᠤᠨ ᠤ ᠤᠯᠤᠰ ᠲᠥᠷᠥ ᠶᠢᠨ ᠵᠥᠪᠯᠡᠯᠭᠡᠨ ᠤ ᠲᠡᠷᠢᠭᠦᠯᠡᠭᠴᠢ ᠪᠠᠭᠠᠨ᠎ᠠ᠂ ᠠᠯᠲᠠᠢ ᠲᠠᠷᠢᠶᠠᠯᠠᠩ ᠮᠠᠯ ᠠᠵᠤ ᠠᠬᠤᠢ ᠶᠢᠨ ᠬᠥᠭᠵᠢᠯᠲᠡ ᠶᠢᠨ ᠬᠢᠵᠠᠭᠠᠷᠲᠤ ᠺᠣᠮᠫᠠᠨᠢ ᠶᠢᠨ ᠬᠡᠷᠡᠭ ᠮᠡᠳᠡᠭᠴᠢᠳ ᠤᠨ ᠳᠠᠷᠤᠭ᠎ᠠ᠂ ᠠᠳᠤᠭᠤᠨ ᠤ ᠠᠵᠤ ᠦᠢᠯᠡᠰ ᠤᠨ ᠠᠯᠪᠠᠨ ᠭᠡᠷ ᠤᠨ ᠳᠡᠳ᠋ ᠡᠷᠬᠢᠯᠡᠭᠴᠢ ᠪᠥᠬᠡᠪᠢᠯᠢᠭ ᠪᠠᠷ᠎ᠠ ᠪᠣᠯᠵᠤ ᠪᠠᠶᠢᠴᠠᠭᠠᠨ ᠰᠤᠳᠤᠯᠤᠯᠲᠠ ᠬᠢᠪᠡ᠃
       ᠪᠠᠶᠢᠴᠠᠭᠠᠨ ᠰᠤᠳᠤᠯᠬᠤ ᠳᠤᠭᠤᠶᠢᠯᠠᠩ ᠨᠢ ᠤᠷᠢᠳ ᠬᠤᠵᠢᠳ ᠮᠠᠨ ᠤ ᠬᠤᠰᠢᠭᠤᠨ ᠤ ᠵᠢᠷ ᠤᠨ ᠭᠤᠣᠯ ᠪᠠᠯᠭᠠᠰᠤᠨ ᠤ ᠳᠥᠷᠪᠡᠯᠵᠢ ᠭᠠᠴᠠᠭ᠎ᠠ ᠪᠠ ᠵᠢᠭᠠᠰᠤᠳᠠᠢ ᠭᠠᠴᠠᠭ᠎ᠠ᠂ ᠥᠪᠥᠷ ᠮᠣᠩᠭᠤᠯ ᠤᠨ ᠶᠤᠸᠠᠨ ᠱᠧᠩ ᠢᠳᠡᠭᠡᠨ ᠤ ᠬᠢᠵᠠᠭᠠᠷᠲᠤ ᠺᠣᠮᠫᠠᠨᠢ ᠂ ᠪᠠᠷᠠᠭᠤᠨ ᠦᠵᠦᠮᠦᠴᠢᠨ ᠬᠤᠰᠢᠭᠤᠨ ᠤ ᠴᠠᠭᠠᠨ ᠮᠣᠷᠢ ᠮᠠᠯᠵᠢᠬᠤ ᠰᠠᠭᠤᠷᠢᠨ ᠭᠠᠵᠠᠷ ᠲᠤ ᠬᠦᠷᠴᠦ᠂ ᠲᠤᠬᠠᠢ ᠶᠢᠨ ᠭᠠᠵᠠᠷ ᠎ ᠲᠤᠨᠢ ᠪᠠᠶᠢᠴᠠᠭᠠᠨ ᠦᠵᠡᠬᠦ᠂ ᠲᠠᠨᠢᠯᠴᠠᠭᠤᠯᠭ᠎ᠠ ᠶᠢ ᠰᠣᠨᠣᠰᠬᠤ᠂ ᠲᠤᠬᠠᠢ ᠶᠢᠨ ᠭᠠᠵᠠᠷ ᠲᠤᠨᠢ ᠰᠣᠯᠢᠯᠴᠠᠬᠤ ᠵᠡᠷᠭᠡ ᠠᠷᠭ᠎ᠠ ᠬᠡᠯᠪᠡᠷᠢ ᠪᠠᠷ ᠳᠠᠮᠵᠢᠭᠤᠯᠤᠨ ᠮᠠᠨ ᠤ ᠬᠤᠰᠢᠭᠤᠨ ᠤ ᠠᠳᠤᠭᠤᠨ ᠰᠣᠶᠣᠯ ᠤᠨ ᠠᠵᠤ ᠦᠢᠯᠡᠰ ᠤᠨ ᠰᠠᠭᠤᠷᠢᠨ ᠭᠠᠵᠠᠷ ᠤᠨ ᠪᠦᠲᠦᠭᠡᠨ ᠪᠠᠶᠢᠭᠤᠯᠤᠯᠲᠠ ᠪᠠ ᠣᠳᠣᠬᠢᠴᠢᠯᠠᠭᠰᠠᠨ ᠠᠳᠤᠭᠤᠨ ᠤ ᠠᠵᠤ ᠦᠢᠯᠡᠰ ᠤᠨ ᠬᠥᠭᠵᠢᠯᠲᠡ ᠶᠢᠨ ᠦᠨᠳᠦᠰᠦᠨ ᠪᠠᠶᠢᠳᠠᠯ᠂ ᠬᠥᠭᠵᠢᠯᠲᠡ ᠶᠢᠨ ᠵᠠᠭᠪᠤᠷ ᠲᠤ ᠣᠷᠣᠰᠢᠵᠤ ᠪᠠᠶᠢᠭ᠎ᠠ ᠬᠦᠴᠢᠷᠳᠡᠯ ᠪᠠ ᠠᠰᠠᠭᠤᠳᠠᠯ ᠢ ᠨᠠᠷᠢᠨ ᠣᠶᠢᠯᠠᠭᠠᠵᠤ᠂ ᠣᠳᠣᠬᠢᠴᠢᠯᠠᠭᠰᠠᠨ ᠠᠳᠤᠭᠤᠨ ᠤ ᠠᠵᠤ ᠦᠢᠯᠡᠰ ᠤᠨ ᠬᠥᠭᠵᠢᠯᠲᠡ ᠶᠢᠨ ᠰᠡᠳᠬᠢᠴᠡ ᠪᠠ ᠲᠠᠷᠠᠭᠠᠴᠢ ᠶᠢᠨ ᠠᠯᠬᠤᠮ ᠤᠨ ᠠᠵᠢᠯ ᠤᠨ ᠲᠠᠯ᠎ᠠ ᠪᠠᠷ ᠭᠦᠨᠵᠡᠭᠡᠢ ᠰᠣᠯᠢᠯᠴᠠᠪᠠ᠃
   ᠪᠠᠶᠢᠴᠠᠭᠠᠨ ᠰᠤᠳᠤᠯᠬᠤ ᠳᠤᠭᠤᠶᠢᠯᠠᠩ ᠤᠨ ᠬᠢᠨ ᠴᠢᠬᠤᠯᠠᠴᠢᠯᠠᠭᠰᠠᠨ ᠨᠢ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠪᠤᠶ ᠪᠣᠯᠭᠠᠬᠤ ᠡᠨᠡ ᠬᠦ ᠭᠤᠣᠯ ᠰᠢᠵᠢᠮ ᠲᠠᠢ ᠨᠢᠭᠲᠠ ᠤᠶᠠᠯᠳᠤᠭᠤᠯᠤᠨ᠂ ᠡᠯᠪᠡᠭ ᠪᠠᠶᠠᠯᠢᠭ ᠠᠳᠤᠭᠤᠨ ᠰᠣᠶᠣᠯ ᠤᠨ ᠡᠬᠢ ᠪᠠᠶᠠᠯᠢᠭ ᠪᠠ ᠠᠳᠤᠭᠤᠨ ᠤ ᠠᠵᠤ ᠦᠢᠯᠡᠰ ᠤᠨ ᠰᠠᠭᠤᠷᠢ ᠪᠠᠷ ᠲᠦᠰᠢᠭ ᠪᠣᠯᠭᠠᠵᠤ᠂ ᠳᠠᠪᠠᠭᠤᠯᠢᠭ ᠢᠶᠠᠨ ᠪᠠᠳᠠᠷᠠᠭᠤᠯᠤᠨ ᠰᠢᠨ᠎ᠡ ᠶᠢ ᠡᠭᠦᠳᠴᠦ᠂ ᠣᠳᠣᠬᠢᠴᠢᠯᠠᠭᠰᠠᠨ ᠠᠳᠤᠭᠤᠨ ᠤ ᠠᠵᠤ ᠦᠢᠯᠡᠰ ᠤᠨ ᠰᠢᠰᠲ᠋ᠧᠮᠵᠢ ᠶᠢ ᠲᠦᠷᠭᠡᠳᠬᠡᠨ ᠪᠠᠶᠢᠭᠤᠯᠵᠤ᠂ ᠠᠳᠤᠭᠤᠨ ᠤ ᠰᠣᠶᠣᠯ ᠤᠨ ᠨᠠᠷᠠᠲᠤ ᠲᠥᠷᠥᠯ ᠲᠡᠮᠳᠡᠭᠲᠦ ᠶᠢᠨ ᠥᠷᠲᠡᠭ ᠪᠠ ᠠᠵᠤ ᠦᠢᠯᠡᠰ ᠤᠨ ᠨᠡᠮᠡᠭᠳᠡᠯ ᠥᠷᠲᠡᠭ ᠢ ᠤᠯᠠᠮ ᠨᠢᠭᠡ ᠠᠯᠬᠤᠮ ᠳᠡᠭᠡᠭᠰᠢᠯᠡᠭᠦᠯᠦᠨ᠂ ᠮᠠᠯᠴᠢᠨ ᠲᠠᠷᠢᠶᠠᠴᠢᠨ ᠤ ᠣᠷᠣᠯᠭ᠎ᠠ ᠶᠢᠨ ᠲᠣᠭᠲᠠᠭᠤᠨ ᠢᠶᠠᠷ ᠨᠡᠮᠡᠭᠳᠡᠬᠦ ᠶᠢ ᠪᠦᠲᠦᠮᠵᠢᠲᠡᠶ ᠠᠬᠢᠭᠤᠯᠵᠤ᠂ ᠪᠥᠬᠦ ᠬᠤᠰᠢᠭᠤᠨ ᠤ ᠠᠵᠤ ᠠᠬᠤᠢ ᠨᠡᠶᠢᠭᠡᠮ ᠤᠨ ᠴᠢᠨᠠᠷ ᠰᠠᠶᠢᠲᠠᠢ ᠬᠥᠭᠵᠢᠯᠲᠡ ᠳᠤ ᠬᠦᠴᠦᠨ ᠨᠡᠮᠡᠷᠢᠯᠡᠬᠦ ᠬᠡᠷᠡᠭᠳᠡᠢ ᠭᠡᠪᠡ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号