ᠬᠤᠭᠤᠯᠠᠲᠤ ᠶᠢᠨ ᠭᠤᠣᠯ ᠪᠠᠯᠭᠠᠰᠣᠨ ᠤ ᠪᠠᠯᠭᠠᠷᠭᠤᠣᠯ ᠭᠠᠴᠠᠭᠠᠨ ᠤ ᠮᠢᠩᠭᠠᠨ ᠠᠳᠣᠭᠤᠨ ᠤ ᠮᠢᠯᠢᠶᠠᠯᠭ᠎ᠠ ᠶᠢᠨ ᠨᠠᠭᠠᠳᠣᠮ ᠠᠮᠵᠢᠯᠲᠠᠲᠠᠢ ᠶᠠᠪᠤᠭᠳᠠᠪᠠ
ᠨᠡᠶᠢᠲᠡᠯᠡᠭᠰᠡᠨ ᠴᠠᠭ᠄
2024/5/22
     ᠦᠵᠡᠰᠬᠦᠯᠡᠩᠲᠦ ᠰᠠᠶᠢᠬᠠᠨ ᠦᠵᠦᠮᠦᠴᠢᠨ ᠨᠤᠲᠤᠭ ᠲᠤ ᠵᠤᠨ ᠤ ᠡᠬᠢᠨ ᠰᠠᠷ᠎ᠠ ᠠᠶᠠᠲᠠᠶᠢᠬᠠᠨ  ᠰᠠᠭᠠᠭᠳᠠᠭᠰᠠᠨ 5 ᠰᠠᠷ᠎ᠠ ᠶᠢᠨ 18᠎ ᠤ ᠡᠳᠦᠷ᠂ ᠪᠠᠷᠠᠭᠤᠨ ᠦᠵᠦᠮᠦᠴᠢᠨ ᠬᠤᠰᠢᠭᠤᠨ ᠤ ᠬᠤᠭᠤᠯᠠᠲᠤ ᠶᠢᠨ ᠭᠤᠣᠯ ᠪᠠᠯᠭᠠᠰᠣᠨ ᠤ ᠪᠠᠯᠭᠠᠷᠭᠤᠣᠯ ᠭᠠᠴᠠᠭᠠᠨ ᠤ ᠮᠢᠩᠭᠠᠨ  ᠠᠳᠣᠭᠤᠨ ᠤ ᠮᠢᠯᠢᠶᠠᠯᠭ᠎ᠠ ᠶᠢᠨ ᠨᠠᠭᠠᠳᠣᠮ ᠵᠢᠴᠢ ᠭᠡᠷᠡᠯ ᠵᠢᠷᠤᠭ ᠎ ᠤᠨ ᠠᠵᠢᠯᠯᠠᠭ᠎ᠠ ᠠᠮᠵᠢᠯᠲᠠᠲᠠᠢ ᠶᠠᠪᠤᠭᠳᠠᠪᠠ᠃
          ᠨᠠᠭᠠᠳᠣᠮ ᠤᠨ ᠥᠷᠯᠦᠭᠡ᠂ 20 ᠭᠠᠵᠠᠷ ᠤᠨ ᠨᠣᠲᠤᠭ ᠮᠣᠷᠢᠨ ᠤ ᠣᠷᠣᠯᠳᠣᠭᠠᠨ  ᠪᠣᠯᠣᠨ 20 ᠭᠠᠵᠠᠷ ᠤᠨ ᠬᠢᠵᠠᠭᠠᠯᠠᠩ ᠥᠷᠢᠶᠡᠨ ᠤ ᠤᠷᠤᠯᠳᠤᠭᠠᠨ ᠶᠠᠪᠣᠭᠳᠠᠵᠤ᠂ ᠭᠠᠵᠠᠷ ᠭᠠᠵᠠᠷ ᠤᠨ ᠬᠤᠷᠳᠣᠨ ᠬᠥᠯᠦᠭ ᠤᠳ ᠬᠦᠴᠦ ᠰᠣᠷᠢᠨ ᠤᠷᠤᠯᠳᠤᠵᠤ᠂ ᠣᠷᠣᠯᠳᠣᠭᠠᠨ ᠤ ᠡᠴᠤᠰ ᠲᠤ ᠶᠡᠭᠡ ᠨᠠᠰᠣᠨ ᠤ ᠮᠣᠷᠢᠳ ᠤᠨ ᠣᠷᠣᠯᠳᠣᠭᠠᠨ ᠳᠤ᠂ ᠪᠠᠭᠠᠷᠢᠨ ᠪᠠᠷᠠᠭᠤᠨ ᠬᠤᠰᠢᠭᠤᠨ ᠤ ᠮᠠᠨᠳᠣᠬᠤ ᠶᠢᠨ ᠬᠡᠭᠡᠷ ᠮᠣᠷᠢ ᠦᠵᠦᠭᠦᠷᠯᠡᠨ᠂ ᠬᠤᠭᠤᠯᠠᠲᠤ ᠶᠢᠨ ᠭᠤᠣᠯ ᠪᠠᠯᠭᠠᠰᠣᠨ ᠤ ᠤᠷᠲᠤ ᠶᠢᠨ ᠭᠤᠣᠯ ᠭᠠᠴᠠᠭᠠᠨ ᠤ ᠠᠯᠲᠠᠨᠱᠠᠭ᠎ᠠ ᠶᠢᠨ ᠬᠠᠷ᠎ᠠ ᠮᠣᠷᠢ ᠠᠮᠠᠨ ᠬᠦᠵᠦᠭᠦᠨ ᠳᠤ ᠲᠠᠪᠬᠢᠵᠦ᠂ ᠡᠷᠢᠶᠡᠨᠭᠤᠪᠢ ᠎ ᠶᠢᠨ ᠣᠷᠭᠢᠯᠪᠠᠲᠤ ᠶᠢᠨ ᠠᠷᠰᠯᠠᠨ ᠣᠯᠠᠭᠠᠨ ᠮᠣᠷᠢ᠂ ᠵᠢᠷ ᠤᠨ ᠭᠤᠣᠯ ᠤᠨ ᠡᠷᠬᠢᠮᠪᠠᠲᠤ ᠶᠢᠨ ᠪᠣᠷᠣ ᠮᠣᠷᠢ᠂ ᠣᠯᠠᠭᠠᠨᠨᠬᠠᠭᠠᠯᠭ᠎ᠠ ᠰᠣᠮᠣᠨ ᠤ ᠪᠠᠮᠪᠠᠷ ᠤᠨ ᠬᠦᠷᠡᠩ ᠮᠣᠷᠢ ᠠᠶᠢᠷᠠᠭ ᠤᠨ ᠭᠤᠷᠪᠠ᠂ ᠳᠥᠷᠪᠡ᠂ ᠲᠠᠪᠤ ᠳᠤ ᠲᠣᠰ ᠲᠣᠰ ᠬᠤᠷᠳᠤᠯᠠᠵᠤ᠂ ᠬᠢᠵᠠᠭᠠᠯᠠᠩ ᠥᠷᠢᠶᠡᠨ ᠤ ᠣᠷᠣᠯᠳᠣᠭᠠᠨ ᠳᠤ ᠣᠯᠠᠭᠠᠨᠨᠬᠠᠭᠠᠯᠭ᠎ᠠ ᠰᠣᠮᠣᠨ ᠤ ᠪᠠᠶ᠋ᠬᠠᠷᠬᠡᠲᠦ ᠶᠢᠨ ᠬᠦᠷᠡᠩ ᠥᠷᠢᠶ᠎ᠡ ᠲᠠᠷᠢᠭᠦᠨ ᠮᠠᠩᠯᠠᠢ ᠳᠤ ᠲᠠᠪᠬᠢᠵᠤ᠂ ᠣᠯᠠᠭᠠᠨᠨᠬᠠᠭᠠᠯᠭ᠎ᠠ ᠰᠣᠮᠣᠨ ᠤ ᠳᠦᠭᠦᠷᠡᠩᠵᠠᠭᠠᠨ᠎ᠠ ᠶᠢᠨ ᠭᠦᠷᠡᠩ ᠦᠷᠢᠶ᠎ᠡ ᠳᠡᠳ᠋ ᠪᠠᠶᠢᠷᠢᠨ ᠳᠤ᠂ ᠪᠠᠴᠢ ᠶᠢᠨ ᠴᠡᠩᠭᠡᠯᠲᠦ ᠶᠢᠨ ᠬᠠᠮᠠᠷ ᠴᠠᠭᠠᠨ ᠬᠠᠯᠲᠠᠷ ᠥᠷᠢᠶ᠎ᠡ᠂ ᠵᠠᠷᠣᠳ ᠬᠤᠰᠢᠭᠤᠨ ᠤ ᠰᠡᠴᠡᠨᠪᠠᠭᠠᠲᠣᠷ ᠤᠨ ᠰᠠᠷᠠ ᠲᠠᠢ ᠬᠡᠭᠡᠷ ᠦᠷᠢᠶ᠎ᠡ᠂ ᠭᠤᠷᠤᠬᠠᠨ ᠤ ᠰᠡᠴᠡᠨᠳᠠᠯᠠᠢ ᠶᠢᠨ ᠪᠣᠷᠣ ᠥᠷᠢᠶ᠎ᠡ ᠠᠶᠢᠷᠠᠭ ᠤᠨ ᠭᠤᠷᠪᠠ᠂ ᠳᠥᠷᠪᠡ᠂ ᠲᠠᠪᠤ ᠳᠤ ᠲᠣᠰ ᠲᠣᠰ ᠬᠤᠷᠳᠤᠯᠠᠵᠤ᠂  ᠨᠠᠭᠠᠳᠣᠮᠴᠢᠨ ᠤᠯᠠᠨ ᠢᠶᠠᠨ ᠪᠠᠶᠠᠰᠬᠠᠵᠠᠢ  ᠃
    ᠣᠶᠢᠯᠠᠭᠠᠭᠰᠠᠨ ᠢᠶᠠᠷ᠂ ᠲᠣᠰ ᠣᠳᠠᠭᠠᠨ ᠤ ᠮᠢᠩᠭᠠᠨ ᠠᠳᠤᠭᠤᠨ ᠤ ᠮᠢᠯᠢᠶᠠᠯᠭ᠎ᠠ ᠶᠢᠨ ᠨᠠᠭᠠᠳᠣᠮ ᠢ ᠪᠠᠯᠭᠠᠷᠭᠤᠣᠯ ᠭᠠᠴᠠᠭᠠᠨ ᠤ ᠥᠯᠵᠡᠶᠢᠪᠠᠲᠤ᠂ ᠪᠣᠯᠤᠷ᠂ ᠳᠠᠯᠠᠶᠢᠪᠤᠯᠠᠭ᠂ ᠡᠩᠬᠡᠮᠡᠨᠳᠦ᠂ ᠮᠥᠩᠬᠡᠪᠠᠭᠠᠲᠣᠷ ᠵᠡᠷᠭᠡ ᠠᠳᠣᠭᠤᠨ ᠳᠤ ᠪᠠᠭ᠋ᠠᠲᠠᠢ ᠮᠠᠯᠴᠢᠳ ᠠᠴᠠ ᠥᠷᠭᠡᠨ ᠤᠯᠠᠨ ᠠᠳᠣᠭᠤᠴᠢᠳ ᠢᠶᠠᠨ ᠵᠣᠬᠢᠶᠠᠨ ᠪᠠᠶᠢᠭᠤᠯᠤᠨ ᠡᠷᠬᠢᠯᠡᠵᠦ᠂  ᠲᠤᠰ ᠭᠠᠴᠠᠭ᠎ᠠ ᠪᠣᠯᠣᠨ ᠬᠤᠯᠠ ᠣᠶᠢᠷ᠎ᠠ ᠶᠢᠨ ᠠᠳᠣᠭᠤᠴᠢᠨ᠂ ᠤᠶᠠᠭᠠᠴᠢ᠂ ᠤᠨᠤᠭᠠᠴᠢ ᠢᠳᠡᠪᠬᠢᠯᠡᠨ ᠤᠷᠤᠯᠴᠠᠵᠠᠢ     ᠲᠣᠰ ᠣᠳᠠᠭᠠᠨ ᠤ ᠠᠵᠢᠯᠯᠠᠭ᠎ᠠ ᠳᠤ ᠪᠠᠰᠠ ᠠᠬᠠᠮᠠᠳ ᠭᠠᠷᠮᠠᠭᠠᠢ ᠬᠠᠰᠢᠷ ᠠᠳᠣᠭᠤᠴᠢᠨ᠂ ᠰᠢᠯᠢᠳᠡᠭ ᠣᠷᠭᠠᠴᠢᠨ᠂ ᠠᠳᠣᠭᠤᠨ ᠤ ᠠᠵᠣ ᠦᠢᠯᠡᠰ ᠤᠨ ᠳᠠᠭᠠᠭᠤᠯᠤᠭᠴᠢ᠂ ᠬᠡᠶᠢᠮᠦᠷᠯᠢᠭ ᠠᠳᠤᠭᠤᠴᠢᠳ ᠢᠶᠠᠨ ᠱᠠᠩᠨᠠᠨ ᠬᠥᠬᠢᠭᠦᠯᠵᠦ᠂  ᠮᠣᠩᠭᠤᠯ ᠠᠳᠣᠭᠤᠨ ᠤ ᠪᠠᠨ ᠤᠳᠤᠮ ᠤᠭᠰᠢᠯ ᠢ ᠬᠠᠮᠠᠭᠠᠯᠠᠨ ᠥᠰᠭᠡᠨ ᠦᠷᠡᠵᠢᠭᠦᠯᠵᠦ᠂ ᠠᠳᠣᠭᠤᠨ ᠰᠣᠶᠤᠯ ᠤᠨ ᠦᠢᠯᠡᠰ ᠲᠤ ᠭᠠᠷᠮᠠᠭᠠᠢ ᠵᠢᠳᠬᠦᠯ ᠢᠶᠠᠨ ᠦᠵᠡᠭᠦᠯᠦᠭᠰᠡᠨ ᠬᠦᠴᠦᠨ ᠵᠢᠳᠬᠦᠯ ᠢ ᠨᠢ ᠮᠠᠭᠲᠠᠨ ᠰᠠᠶᠢᠰᠢᠶᠠᠵᠤ᠂ ᠠᠲᠤᠭᠤᠲᠤ ᠨᠤᠲᠤᠭ ᠤᠨ ᠠᠳᠣᠭᠤᠨ ᠰᠦᠷᠦᠭ ᠨᠢ ᠲᠥᠮᠡ ᠪᠤᠮᠠ ᠪᠠᠷ ᠥᠨᠢᠷ ᠥᠰᠴᠤ᠂ ᠬᠦᠮᠦᠨ ᠠᠷᠠᠳ ᠨᠢ ᠪᠠᠶᠠᠷ ᠵᠢᠷᠭᠠᠯᠲᠠᠢ᠂ ᠮᠠᠯ ᠰᠦᠷᠦᠭ ᠨᠢ ᠥᠨᠢᠷ ᠥᠳᠭᠡᠨ ᠥᠰᠬᠦ ᠶᠢ ᠵᠥᠩᠨᠡᠨ ᠪᠡᠯᠭᠡᠳᠡᠵᠡᠢ᠃
    ᠪᠦᠬᠦ ᠤᠯᠤᠰ ᠤᠨ ᠡᠯ᠎ᠡ ᠭᠠᠵᠠᠷ ᠠᠴᠠ ᠬᠦᠷᠦᠯᠴᠡᠨ ᠢᠷᠡᠭᠰᠡᠨ 200 ᠭᠠᠷᠤᠢ ᠭᠡᠷᠡᠯ ᠵᠢᠷᠤᠭᠴᠢᠨ᠂ ᠭᠡᠷᠡᠯ ᠵᠢᠷᠤᠭ ᠤᠨ ᠪᠠᠭ᠋ᠠᠲᠠᠳ ᠲᠤᠰ ᠣᠳᠠᠭᠠᠨ ᠤ ᠠᠵᠢᠯᠯᠠᠭ᠎ᠠ ᠳᠤ ᠣᠷᠣᠯᠴᠠᠵᠤ᠂  ᠮᠣᠷᠢ ᠣᠷᠭᠠᠯᠠᠬᠤ᠂ ᠡᠮᠨᠢᠭ ᠤᠨᠤᠬᠤ᠂ ᠠᠵᠢᠷᠭᠠᠨ ᠰᠢᠷᠭᠤᠭ᠎ᠠ ᠵᠡᠷᠭᠡ ᠤᠯᠠᠮᠵᠢᠯᠠᠯᠲᠤ  ᠠᠳᠣᠭᠤᠨ ᠰᠣᠶᠤᠯ ᠤᠨ ᠨᠠᠭᠠᠳᠤᠮ ᠢ ᠰᠣᠨᠢᠷᠬᠠᠨ ᠵᠢᠷᠤᠭᠯᠠᠵᠤ ᠰᠡᠭᠦᠳᠡᠷᠯᠡᠭᠰᠡᠨ ᠪᠠᠶᠢᠨ᠎ᠠ᠃     ᠲᠣᠰ ᠤᠳᠠᠭᠠᠨ ᠤ ᠨᠠᠭᠠᠳᠤᠮ ᠨᠢ ᠪᠠᠷᠠᠭᠤᠨ ᠦᠵᠦᠮᠦᠴᠢᠨ ᠬᠤᠰᠢᠭᠤᠨ ᠤ ᠰᠣᠶᠤᠯ ᠵᠢᠭᠤᠯᠴᠢᠯᠠᠯ ᠤᠨ ᠨᠠᠭᠠᠳᠤᠮ ᠤᠨ ᠬᠥᠰᠢᠭᠡ ᠶᠢ ᠨᠡᠭᠡᠭᠡᠵᠦ᠂ ᠠᠷᠠᠳ ᠣᠯᠠᠨ ᠤ ᠵᠢᠭᠤᠯᠴᠢᠯᠠᠯ ᠢ ᠠᠩᠬᠠᠷᠬᠤ᠂ ᠵᠢᠭᠤᠯᠴᠢᠯᠠᠯ ᠳᠤ ᠣᠷᠣᠯᠴᠠᠬᠤ᠂ ᠵᠢᠭᠤᠯᠴᠢᠯᠠᠯ ᠢ ᠳᠡᠮᠵᠢᠬᠦ᠂ ᠵᠢᠭᠤᠯᠴᠢᠯᠠᠯ ᠢ ᠠᠬᠢᠭᠤᠯᠬᠤ ᠶᠢ ᠰᠣᠷᠲᠠᠯᠴᠢᠯᠠᠨ ᠣᠷᠢᠶᠠᠯᠠᠪᠠ᠃      
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号