| 2024 ᠣᠨ ᠳᠤ᠂ ᠵᠦᠩ ᠨᠠᠨ ᠶᠡᠭᠡ ᠰᠤᠷᠭᠠᠭᠤᠯᠢ ᠶᠢᠨ ᠰᠢᠶᠠᠩ ᠶᠠ ᠭᠤᠷᠪᠠᠳᠤᠭᠠᠷ ᠡᠮᠨᠡᠯᠭᠡ ᠶᠢᠨ | ᠬᠤᠷᠢᠶᠠᠨ ᠤ ᠮᠡᠳᠡᠷᠡᠯ ᠤᠨ ᠳᠣᠲᠣᠷ ᠰᠠᠯᠠᠭᠠᠨ ᠤ ᠰᠤᠳᠤᠯᠭᠠᠲᠠᠳ ︽ᠤᠨᠲᠠᠯᠭ᠎ᠠ ᠶᠢᠨ ᠠᠨᠠᠭᠠᠬᠤ ᠤᠬᠠᠭᠠᠨ︾ ᠰᠡᠳᠬᠦᠯ | ᠳᠡᠭᠡᠷ᠎ᠡ ︽ᠭᠠᠷᠠᠭ ᠤᠨ ᠰᠡᠭᠦᠯᠴᠢ ᠪᠠᠷ ᠨᠣᠶᠢᠷ ᠨᠥᠬᠦᠬᠦ ᠪᠠ ᠭᠠᠩᠰᠠᠷᠠᠬᠤ ᠬᠡᠮ ᠤᠨ ᠬᠤᠭᠤᠷᠣᠨᠳᠣᠬᠢ ᠬᠠᠷᠢᠴᠠᠭ᠎ᠠ︾ | ᠭᠡᠬᠦ ᠨᠢᠭᠡᠨ ᠰᠤᠳᠤᠯᠭᠠᠨ ᠢ ᠨᠡᠶᠢᠲᠡᠯᠡᠪᠡ᠃ ᠡᠨᠡ ᠬᠦ 5000 ᠭᠠᠷᠤᠢ ᠬᠥᠮᠥᠨ ᠳᠤ ᠬᠤᠯᠪᠣᠭᠳᠠᠭᠰᠠᠨ | ᠰᠤᠳᠤᠯᠭᠠᠨ ᠠᠴᠠ ᠣᠯᠵᠤ ᠮᠡᠳᠡᠭᠰᠡᠨ ᠢᠶᠠᠷ᠂ ᠠᠵᠢᠯᠯᠠᠬᠤ ᠡᠳᠦᠷ ᠤᠳ ᠲᠤ ᠨᠣᠶᠢᠷ ᠬᠦᠷᠦᠯᠴᠡᠬᠦ ᠦᠭᠡᠢ ᠪᠠᠶᠢᠭ᠎ᠠ | ᠬᠥᠮᠥᠰ ᠲᠤ ᠠᠪᠴᠤ ᠬᠡᠯᠡᠪᠡᠯ᠂ ᠭᠠᠷᠠᠭ ᠤᠨ ᠰᠡᠭᠦᠯᠴᠢ ᠳᠤ ᠨᠣᠶᠢᠷ ᠨᠥᠬᠦᠪᠡᠯ ᠭᠠᠩᠰᠠᠷᠠᠬᠤ ᠬᠡᠮ ᠳᠤ ᠨᠡᠷᠪᠡᠭᠳᠡᠬᠦ | ᠲᠦᠭᠰᠢᠭᠦᠷᠢ ᠢᠯᠡᠳᠲᠡ ᠪᠠᠭᠤᠷᠠᠵᠤ ᠪᠤᠢ᠃ ᠢᠯᠠᠩᠭᠤᠶ᠎ᠠ ᠠᠵᠢᠯᠯᠠᠬᠤ ᠡᠳᠦᠷ ᠤᠳ ᠲᠤ ᠨᠣᠶᠢᠷ ᠬᠦᠷᠦᠯᠴᠡᠬᠦ ᠦᠭᠡᠢ | ︵ᠤᠨᠲᠠᠬᠤ ᠨᠢ 7 ᠴᠠᠭ ᠠᠴᠠ ᠪᠠᠭ᠎ᠠ︶ ᠪᠠᠶᠢᠭ᠎ᠠ ᠣᠷᠣᠯᠴᠠᠭᠴᠢ ᠶᠢᠨ ᠳᠣᠲᠣᠷᠠᠬᠢ ᠬᠥᠮᠥᠨ ᠢ ᠭᠠᠷᠠᠭ ᠤᠨ | ᠰᠡᠭᠦᠯᠴᠢ ᠳᠤ ᠨᠣᠶᠢᠷ ᠨᠥᠬᠦᠬᠦ ᠦᠭᠡᠢ ᠬᠥᠮᠥᠨ ᠲᠠᠢ ᠬᠠᠷᠢᠴᠠᠭᠤᠯᠪᠠᠯ᠂ ᠭᠠᠷᠠᠭ ᠤᠨ ᠰᠡᠭᠦᠯᠴᠢ ᠳᠤ ᠨᠣᠶᠢᠷ ᠨᠥᠬᠦᠭᠰᠡᠨ | ᠬᠥᠮᠥᠨ ᠤ ᠭᠠᠩᠰᠠᠷᠠᠬᠤ ᠬᠡᠮ ᠣᠯᠬᠤ ᠲᠦᠭᠰᠢᠭᠦᠷᠢ ᠨᠢ 34 % ᠪᠠᠷ ᠪᠠᠭᠤᠷᠠᠭᠰᠠᠨ ᠪᠠᠶᠢᠨ᠎ᠠ᠃ ᠡᠨᠡ ᠨᠢ ᠭᠠᠷᠠᠭ ᠤᠨ | ᠰᠡᠭᠦᠯᠴᠢ ᠳᠤ ᠠᠯᠵᠠᠭᠤᠷᠠᠨ ᠤᠨᠲᠠᠬᠤ ᠨᠢ ᠰᠡᠳᠬᠢᠴᠡ ᠶᠢᠨ ᠪᠠᠶᠢᠳᠠᠯ ᠢ ᠲᠣᠬᠢᠷᠠᠭᠤᠯᠬᠤ ᠰᠠᠨᠠᠭᠠᠴᠢᠯᠠᠭᠠᠲᠤ ᠠᠷᠭ᠎ᠠ | ᠪᠣᠳᠣᠯᠭ᠎ᠠ ᠪᠣᠯᠬᠤ ᠶᠢ ᠬᠠᠷᠠᠭᠤᠯᠵᠤ ᠪᠤᠢ᠃ ᠰᠤᠳᠤᠯᠭᠠᠲᠠᠳ᠄ ᠬᠡᠷᠪᠡ ᠡᠩ ᠤᠨ ᠴᠠᠭ ᠲᠤ ᠪᠠᠭ᠎ᠠ ᠤᠨᠲᠠᠪᠠᠯ᠂ | ᠭᠠᠷᠠᠭ ᠤᠨ ᠰᠡᠭᠦᠯᠴᠢ ᠳᠤ ᠨᠣᠶᠢᠷ ᠨᠥᠬᠦᠬᠦ ᠪᠠᠷ ᠳᠡᠮᠵᠢᠨ ᠭᠠᠩᠰᠠᠷᠠᠬᠤ ᠪᠠᠶᠢᠳᠠᠯ ᠢ ᠰᠠᠶᠢᠵᠢᠷᠠᠭᠤᠯᠵᠤ ᠪᠣᠯᠣᠨ᠎ᠠ ᠭᠡᠵᠦ | ᠬᠡᠯᠡᠪᠡ᠃ | ᠠᠵᠢᠯᠯᠠᠬᠤ ᠡᠳᠦᠷ ᠤᠳ ᠲᠤ ᠤᠨᠲᠠᠬᠤ ᠴᠠᠭ ᠨᠢ 6 ᠴᠠᠭ ᠠᠴᠠ ᠪᠠᠭ᠎ᠠ ᠪᠠᠶᠢᠭ᠎ᠠ ᠬᠥᠮᠥᠨ ᠳᠤ ᠠᠪᠴᠤ | ᠬᠡᠯᠡᠪᠡᠯ᠂ ᠭᠠᠷᠠᠭ ᠤᠨ ᠰᠡᠭᠦᠯᠴᠢ ᠪᠠᠷ ᠢᠯᠡᠭᠦᠦ 2 ᠴᠠᠭ ᠤᠨᠲᠠᠵᠤ ᠨᠣᠶᠢᠷ ᠨᠥᠬᠦᠪᠡᠯ ᠵᠢᠷᠦᠬᠡ ᠴᠢᠰᠤᠨ ᠰᠤᠳᠠᠯ ᠤᠨ | ᠡᠪᠡᠳᠴᠢᠨ ᠡᠮᠭᠡᠭ ᠤᠨ ᠲᠦᠭᠰᠢᠭᠦᠷᠢ ᠶᠢ 70 % ᠪᠠᠷ ᠪᠠᠭᠤᠷᠠᠭᠤᠯᠬᠤ ᠪᠣᠯᠣᠨ᠎ᠠ᠃ ᠠᠳᠠᠯᠢ ᠪᠤᠰᠤ ᠬᠡᠯᠪᠡᠷᠢ ᠶᠢᠨ | ᠵᠢᠷᠦᠬᠡ ᠴᠢᠰᠤᠨ ᠰᠤᠳᠠᠯ ᠤᠨ ᠡᠪᠡᠳᠴᠢᠨ ᠳᠤ ᠵᠠᠳᠠᠯᠤᠯᠲᠠ ᠬᠢᠬᠦ ᠪᠠᠷ ᠳᠠᠮᠵᠢᠨ ᠣᠯᠵᠤ ᠮᠡᠳᠡᠭᠰᠡᠨ ᠢᠶᠠᠷ᠂ ᠭᠠᠷᠠᠭ ᠤᠨ | ᠰᠡᠭᠦᠯᠴᠢ ᠳᠤ ᠨᠣᠶᠢᠷ ᠨᠥᠬᠦᠬᠦ ᠨᠢ ᠨᠡᠯᠢᠶᠡᠳ ᠬᠥᠩᠭᠡᠨ ᠵᠢᠷᠦᠬᠡ ᠪᠠᠵᠠᠯᠠᠵᠤ ᠡᠪᠡᠳᠬᠦ᠂ ᠰᠠ ᠡᠪᠡᠳᠴᠢᠨ ᠪᠠ | ᠵᠢᠷᠦᠬᠡᠨ ᠲᠢᠲᠢᠮ ᠤᠨ ᠡᠪᠡᠳᠴᠢᠨ ᠲᠠᠢ ᠬᠠᠷᠢᠴᠠᠭ᠎ᠠ ᠬᠤᠯᠪᠤᠭ᠎ᠠ ᠲᠠᠢ ᠪᠠᠶᠢᠳᠠᠭ᠃ | | |