ᠠᠮᠠᠷᠠᠯᠳᠠ ᠪᠠᠨ ᠪᠢᠳᠡ ᠢᠩᠭᠢᠵᠦ ᠦᠩᠭᠡᠷᠡᠭᠡᠯ᠎ᠡ
ᠨᠡᠶᠢᠲᠡᠯᠡᠭᠰᠡᠨ ᠴᠠᠭ᠄
2024/5/10
      ︽5.1︾ ᠤ ᠬᠦᠳᠡᠯᠮᠦᠷᠢ ᠶᠢᠨ ᠪᠠᠶᠠᠷ ᠪᠣᠯᠣᠨ ︽5.4︾ ᠤ ᠵᠠᠯᠠᠭᠤᠴᠣᠳ ᠤᠨ ᠪᠠᠶᠠᠷ ᠲᠣᠬᠢᠶᠠᠯᠳᠣᠭᠰᠠᠨ ᠪᠦᠬᠦ ᠣᠯᠣᠰ ᠤᠨ ᠬᠡᠪᠴᠢᠶᠡᠨ ᠤ ᠠᠮᠠᠷᠠᠯᠳᠠ ᠶᠢᠨ ᠴᠢᠯᠦᠭᠡᠨ ᠤ ᠬᠤᠭᠤᠴᠠᠭᠠᠨ ᠳᠤ ᠪᠠᠷᠠᠭᠤᠨ ᠦᠵᠦᠮᠦᠴᠢᠨ ᠬᠤᠰᠢᠭᠤᠨ ᠤ ᠵᠢᠷ ᠤᠨ ᠭᠤᠣᠯ ᠪᠠᠯᠭᠠᠰᠣᠨ ᠤ ᠵᠢᠷᠠᠨ ᠭᠠᠴᠠᠭᠠᠨ ᠤ 3 ᠲᠣᠭᠤᠶᠢᠯᠠᠩ ᠤᠨ ︽ᠨᠠᠮ ᠤᠨ ᠬᠡᠰᠢᠭᠦᠨ ᠭᠤᠣᠯᠳᠠᠯᠭᠠᠳᠣ ᠡᠷᠦᠬᠡ︾ ᠵᠢᠴᠢ ᠮᠠᠯᠴᠢᠳ ᠠᠮᠠᠷᠠᠯᠳᠠ ᠶᠢᠨ ᠬᠤᠭᠤᠴᠠᠭᠠᠨ ᠳᠤ ᠢᠷᠡᠭᠰᠡᠨ ᠬᠡᠣᠬᠡᠳ ᠲᠡᠭᠦᠨᠡᠷ ᠤᠳ ᠢᠶᠠᠨ ᠲᠠᠶᠢᠴᠢᠯᠠᠨ ᠭᠠᠴᠠᠭᠠᠨ ᠤ ᠪᠠᠨ ᠨᠣᠳᠤᠭ ᠲᠤ ᠬᠠᠷᠢᠶᠠᠯᠠᠭᠳᠠᠵᠤ ᠪᠠᠶᠢᠭ᠎ᠠ 207 ᠮᠣᠵᠢ ᠶᠢᠨ ᠵᠠᠮ ᠪᠣᠯᠣᠨ ᠪᠠᠶᠠᠩᠭᠤᠯ ᠬᠦᠷᠬᠦ ᠵᠠᠮ ᠤᠨ ᠲᠠᠭᠠᠣ ᠶᠢᠨ ᠬᠠᠶᠠᠭᠳᠠᠮᠠᠯ ᠬᠤᠭ ᠨᠣᠪᠰᠢ ᠶᠢ ᠨᠢᠭᠡ ᠡᠳᠦᠷ ᠴᠡᠪᠡᠷᠯᠡᠵᠦ᠂ ᠣᠷᠴᠢᠨ ᠲᠣᠭᠤᠷᠢᠨ ᠪᠣᠯᠣᠨ ᠣᠷᠭᠤᠯᠳᠠ ᠶᠢᠨ ᠬᠤᠭᠤᠴᠠᠭᠠᠨ ᠤ ᠡᠪᠡᠰᠦ ᠨᠣᠭᠤᠭᠠᠨ ᠤ ᠰᠡᠷᠭᠦᠯᠳᠡ ᠳᠤ ᠠᠰᠢᠭ ᠲᠠᠢ ᠠᠵᠢᠯᠯᠠᠭ᠎ᠠ ᠬᠢᠭᠰᠡᠨ ᠪᠠᠶᠢᠨ᠎ᠠ᠃ ᠡᠭᠦᠨ ᠳᠤ ᠪᠠᠰᠠ ᠲᠣᠰ ᠭᠠᠴᠠᠭᠠᠨ ᠤ ︽ᠨᠢᠩᠵᠢᠨ ᠬᠠᠶᠢᠷ᠎ᠠ ᠵᠢᠷᠠᠨ ᠬᠤᠪᠢᠶᠠᠷᠢ ᠨᠡᠶᠢᠭᠡᠮᠯᠢᠭ︾ ᠨᠢ ᠴᠦ ᠬᠡᠰᠡᠭ ᠬᠡᠣᠬᠡᠳ ᠪᠣᠯᠣᠨ ᠭᠡᠷ ᠤᠨ ᠠᠬᠠᠮᠠᠳ ᠣᠷᠣᠯᠴᠠᠭᠰᠠᠨ ᠰᠠᠶᠢᠨ ᠲᠣᠷ᠎ᠠ ᠶᠢᠨ ᠠᠵᠢᠯᠯᠠᠭ᠎ᠠ ᠦᠷᠨᠢᠭᠦᠯᠵᠣ ᠲᠣᠰ ᠭᠠᠴᠠᠭᠠᠨ ᠤ ᠢᠮᠠᠭᠠᠨ ᠤ ᠲᠣᠰᠬᠠᠢ ᠡᠷᠦᠬᠡ ᠪᠣᠯᠵᠣ ᠶᠠᠪᠣᠭ᠎ᠠ ᠮᠠᠯᠴᠢᠨ ᠪᠣᠶᠠᠨᠬᠡᠰᠢᠭ ᠤᠨ ᠳᠤ ᠬᠦᠷᠴᠦ ᠢᠮᠠᠭ᠎ᠠ ᠶᠢ ᠨᠢ ᠰᠠᠮᠨᠠᠵᠤ ᠦᠭᠭᠦᠭᠰᠡᠨ ᠪᠠᠶᠢᠨ᠎ᠠ᠃
         ᠲᠣᠰ ᠭᠠᠴᠠᠭᠠᠨ ᠤ ᠡᠨᠡ ᠣᠳᠠᠭᠠᠨ ᠤ ᠠᠯᠪᠠᠨ ᠵᠢᠷᠣᠮ ᠤᠨ ᠠᠵᠢᠯᠯᠠᠭ᠎ᠠ ᠳᠤ 3 ᠨᠡᠷ᠎ᠡ ᠨᠠᠮ ᠤᠨ ᠬᠡᠰᠢᠭᠦᠨ ᠭᠤᠣᠯᠳᠠᠯᠭᠠᠳᠣ ᠡᠷᠦᠬᠡ ᠶᠢᠨ ᠲᠣᠭᠤᠶᠢᠯᠠᠩ ᠵᠢᠴᠢ ︽ᠨᠢᠩᠵᠢᠨ ᠬᠠᠶᠢᠷ᠎ᠠ ᠵᠢᠷᠠᠨ ᠬᠤᠪᠢᠷᠠᠷᠢ ᠨᠡᠶᠢᠭᠡᠮᠯᠢᠭ︾ ᠤᠨ ᠬᠡᠰᠢᠭᠦᠳ ᠨᠡᠶᠢᠳᠡ 60 ᠭᠠᠷᠣᠢ ᠬᠦᠮᠦᠰ ᠬᠦᠳᠡᠯᠭᠡᠭᠡᠨ ᠳᠤ ᠣᠷᠣᠯᠴᠠᠵᠣ᠂ 3 ᠲᠤᠨ ᠢᠯᠡᠭᠦᠦ ᠬᠤᠭ ᠨᠣᠪᠰᠢ ᠶᠢ ᠴᠡᠪᠡᠷᠯᠡᠵᠣ᠂ 30 ᠭᠠᠷᠣᠢ ᠢᠮᠠᠭ᠎ᠠ ᠰᠠᠮᠨᠠᠵᠤ ᠦᠭᠭᠦᠨ ᠠᠮᠠᠷᠠᠯᠳᠠ ᠶᠢᠨ ᠬᠤᠭᠤᠴᠠᠭᠠᠨ ᠤ ᠴᠠᠭ ᠢᠶᠠᠷ ᠢᠶᠠᠨ ᠬᠠᠮᠳᠣ ᠶᠢᠨ ᠬᠦᠴᠦᠨ ᠢᠶᠠᠷ ᠪᠦᠯᠬᠦᠮᠳᠡᠨ ᠬᠦᠳᠡᠯᠣᠯᠴᠡᠵᠣ᠂ ᠨᠡᠶᠢᠳᠡ ᠣᠯᠠᠨ ᠳᠤ ᠪᠠᠨ ᠲᠣᠰᠠᠲᠠᠢ ᠦᠢᠯᠡ ᠠᠵᠢᠯᠯᠠᠭ᠎ᠠ ᠬᠢᠵᠣ᠂ ᠪᠠᠶᠠᠷ ᠲᠣᠷᠠᠰᠬᠠᠯ ᠤᠨ ᠡᠳᠦᠢ ᠢᠶᠠᠨ ᠣᠳᠬ᠎ᠠ  ᠠᠭᠤᠯᠭ᠎ᠠ ᠲᠠᠢ ᠪᠡᠯᠭᠡᠯᠡᠭᠰᠡᠨ ᠪᠠᠶᠢᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠣᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号