| ᠡᠩ ᠲᠡᠷᠢᠭᠦᠨ ᠳᠤ᠂ ᠪᠣᠯᠪᠠᠰᠤᠷᠠᠭᠤᠯᠬᠤ ᠨᠢ ᠬᠡᠳᠦᠢ ᠲᠥᠬᠦᠮ ᠪᠣᠯ ᠦᠨᠢᠶᠡᠨ ᠰᠦ ᠶᠢᠨ ᠳᠣᠲᠣᠷᠠᠬᠢ ᠰᠢᠮ᠎ᠡ | ᠲᠡᠵᠢᠭᠡᠯᠲᠦ ᠡᠳ᠋ ᠤᠨ ᠬᠤᠬᠢᠷᠠᠯ ᠲᠡᠳᠦᠢ ᠪᠠᠭ᠎ᠠ ᠪᠠᠶᠢᠳᠠᠭ᠂ ᠭᠡᠷ ᠲᠡᠭᠡᠨ ᠫᠠᠰᠳᠧᠷ ᠨᠡᠷᠡᠮᠵᠢᠳᠦ ᠰᠦ ᠶᠢ ᠤᠷᠢᠳ ᠢᠶᠠᠷ | ᠰᠣᠩᠭᠤᠵᠤ ᠪᠣᠯᠣᠨ᠎ᠠ᠃ | ᠳᠠᠷᠠᠭ᠎ᠠ ᠳᠤᠨᠢ᠂ ᠦᠨᠢᠶᠡᠨ ᠰᠦ ᠶᠢᠨ ᠭᠠᠳᠠᠷ ᠪᠣᠭᠤᠳᠠᠯ ᠢ ᠦᠵᠡᠵᠦ ᠰᠤᠷᠬᠤ ᠬᠡᠷᠡᠭᠲᠡᠢ᠃ ᠨᠢᠭᠡ ᠳᠤ | ᠨᠠᠶᠢᠷᠠᠯᠭ᠎ᠠ ᠶᠢᠨ ᠬᠦᠰᠦᠨᠦᠭᠲᠦ ᠶᠢ ᠦᠵᠡᠬᠦ ᠬᠡᠷᠡᠭᠲᠡᠢ᠃ ᠲᠦᠭᠦᠬᠡᠢ ᠡᠳ᠋ ᠨᠢ ᠵᠥᠪᠬᠡᠨ ᠰᠢᠨ᠎ᠡ ᠰᠦ ᠪᠠᠷ | ᠨᠠᠶᠢᠷᠠᠭᠰᠠᠨ ᠢ ᠰᠣᠩᠭᠤᠬᠤ ᠬᠡᠷᠡᠭᠲᠡᠢ᠂ ᠡᠶᠢᠮᠦ ᠰᠦ ᠨᠢ ᠰᠠᠶ᠋ᠢ ᠴᠡᠪᠡᠷ ᠰᠦ ᠪᠣᠯᠣᠨ᠎ᠠ᠃ ᠬᠤᠶᠠᠷ ᠲᠤ ᠰᠢᠮ᠎ᠡ | ᠲᠡᠵᠢᠭᠡᠯ ᠤᠨ ᠪᠦᠷᠢᠯᠳᠦᠭᠦᠨ ᠤ ᠬᠦᠰᠦᠨᠦᠭᠲᠦ ᠶᠢ ᠦᠵᠡᠬᠦ ᠬᠡᠷᠡᠭᠲᠡᠢ᠃ ᠤᠯᠤᠰ ᠤᠨ ᠬᠠᠮᠢᠶ᠎ᠠ ᠪᠦᠬᠦᠢ ᠪᠠᠷᠢᠮᠵᠢᠶ᠎ᠠ ᠶᠢᠨ | ᠱᠠᠭᠠᠷᠳᠠᠯᠭ᠎ᠠ ᠶᠢ ᠦᠨᠳᠦᠰᠦᠯᠡᠪᠡᠯ᠂ ᠦᠨᠢᠶᠡᠨ ᠰᠦ ᠳᠠᠬᠢ ᠤᠭᠤᠷᠠᠭ ᠤᠨ ᠠᠭᠤᠯᠤᠭᠳᠠᠴᠠ ᠨᠢ 100 ᠮᠢᠯᠢᠯᠢᠲᠷ | ᠪᠦᠷᠢ ᠳᠤ 2.8 ᠭᠷᠡᠮ ᠠᠴᠠ ᠳᠣᠣᠷ᠎ᠠ ᠪᠠᠶᠢᠵᠤ ᠪᠣᠯᠬᠤ ᠦᠭᠡᠢ᠃ ᠤᠭᠤᠷᠠᠭ ᠤᠨ ᠠᠭᠤᠯᠤᠭᠳᠠᠴᠠ ᠬᠡᠳᠦᠢ ᠥᠨᠳᠥᠷ | ᠪᠣᠯ ᠰᠢᠮ᠎ᠡ ᠲᠡᠵᠢᠭᠡᠯ ᠨᠢ ᠠᠶᠠᠨᠳᠠᠭᠠᠨ ᠲᠡᠳᠦᠢ ᠥᠨᠳᠥᠷ ᠪᠠᠶᠢᠳᠠᠭ᠃ ᠶᠡᠷᠦ ᠳᠡᠭᠡᠨ 100 ᠮᠢᠯᠢᠯᠢᠲᠷ ᠦᠨᠢᠶᠡᠨ ᠰᠦ | ᠳᠣᠲᠣᠷᠠᠬᠢ ᠺᠠᠯᠼ ᠤᠨ ᠠᠭᠤᠯᠤᠭᠳᠠᠴᠠ ᠨᠢ 90 ~120 ᠮᠢᠯᠢᠭᠷᠡᠮ ᠪᠠᠶᠢᠳᠠᠭ︔ ᠬᠡᠷᠪᠡ ᠺᠠᠯᠼ ᠤᠨ | ᠠᠭᠤᠯᠤᠭᠳᠠᠴᠠ ᠨᠢ 120 ᠮᠢᠯᠢᠭᠷᠡᠮ ᠠᠴᠠ ᠥᠨᠳᠥᠷ ᠪᠠᠶᠢᠪᠠᠯ ᠲᠡᠭᠦᠨ ᠢ ᠳᠠᠷᠤᠢ ᠺᠠᠯᠼ ᠥᠨᠳᠥᠷ ᠰᠦ ᠭᠡᠨ᠎ᠡ᠃ | | ᠬᠠᠮᠤᠭ ᠰᠡᠭᠦᠯ ᠳᠤ᠂ ᠦᠨᠢᠶᠡᠨ ᠰᠦ ᠶᠢ ᠰᠣᠩᠭᠤᠬᠤ ᠳᠤ ᠬᠥᠮᠥᠨ ᠬᠥᠮᠥᠨ ᠤ ᠪᠠᠶᠢᠳᠠᠯ ᠳᠤᠨᠢ | ᠲᠣᠬᠢᠷᠠᠭᠤᠯᠤᠨ ᠰᠣᠩᠭᠤᠬᠤ ᠪᠠᠶᠢᠬᠤ ᠬᠡᠷᠡᠭᠲᠡᠢ᠂ ᠲᠣᠰᠣ ᠶᠢ ᠨᠢ ᠠᠪᠤᠭᠰᠠᠨ ᠰᠦ ᠨᠢ ᠨᠠᠩ ᠢᠯᠡᠭᠦᠦ ᠡᠷᠡᠭᠦᠯ | ᠴᠢᠭᠢᠷᠠᠭ ᠲᠤ ᠠᠰᠢᠭᠲᠠᠢ ᠪᠢᠰᠢ ᠶᠤᠮ᠃ ᠬᠡᠷᠪᠡ ᠲᠠ ᠴᠢᠰᠤᠨ ᠤ ᠥᠭᠡᠬᠦ ᠬᠡᠪ ᠤᠨ ᠪᠤᠰᠤ ᠪᠠᠶᠢᠳᠠᠯ ᠲᠠᠢ ᠪᠣᠯ ᠵᠣᠬᠢᠬᠤ | ᠬᠡᠮᠵᠢᠶᠡᠨ ᠤ ᠲᠣᠰᠣ ᠶᠢ ᠨᠢ ᠠᠪᠤᠭᠰᠠᠨ ᠰᠦ ᠪᠤᠶᠤ ᠲᠣᠰᠣ ᠶᠢ ᠨᠢ ᠬᠠᠭᠠᠰ ᠠᠪᠤᠭᠰᠠᠨ ᠰᠦ ᠶᠢ ᠰᠣᠩᠭᠤᠵᠤ | ᠪᠣᠯᠣᠨ᠎ᠠ᠃ ᠨᠠᠰᠤᠲᠠᠶᠢᠴᠤᠳ ᠪᠠ ᠬᠡᠦᠬᠡᠳ ᠲᠤ ᠠᠪᠴᠤ ᠬᠡᠯᠡᠪᠡᠯ᠂ ᠦᠨᠡᠨ ᠳᠡᠭᠡᠨ ᠴᠤᠯᠤ ᠰᠦ ᠤᠤᠭᠤᠪᠠᠯ ᠨᠡᠩ | ᠰᠠᠶᠢᠨ ᠶᠤᠮ᠃ | |