ᠪᠥᠬᠦ ᠬᠤᠰᠢᠭᠤᠨ ᠤ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ ᠤᠨ ᠰᠢᠰᠲ᠋ᠧᠮ ᠤᠨ ᠰᠢ ᠶᠢᠨ ᠫᠢᠩ ᠤᠨ ᠰᠣᠶᠣᠯ ᠤᠨ ᠦᠵᠡᠯ ᠰᠠᠨᠠᠭ᠎ᠠ ᠶᠢ ᠰᠤᠷᠤᠯᠴᠠᠨ ᠲᠤᠤᠱᠯᠠᠭᠤᠯᠬᠤ ᠲᠤᠰᠬᠠᠢ ᠰᠡᠳᠦᠪᠲᠦ ᠪᠤᠯᠪᠠᠰᠣᠷᠠᠯ ᠶᠠᠪᠤᠭᠳᠠᠪᠠ
ᠨᠡᠶᠢᠲᠡᠯᠡᠭᠰᠡᠨ ᠴᠠᠭ᠄
2024/4/9
      4 ᠰᠠᠷ᠎ᠠ ᠶᠢᠨ 7 ᠤ ᠡᠳᠦᠷ᠂ ᠪᠦᠬᠦ ᠬᠤᠰᠢᠭᠤᠨ ᠤ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ ᠤᠨ ᠰᠢᠰᠲ᠋ᠧᠮ ᠤᠨ ᠰᠢ ᠶᠢᠨ ᠫᠢᠩ ᠤᠨ ᠰᠣᠶᠣᠯ ᠤᠨ ᠦᠵᠡᠯ ᠰᠠᠨᠠᠭ᠎ᠠ ᠶᠢ ᠰᠤᠷᠤᠯᠴᠠᠨ ᠲᠤᠤᠱᠯᠠᠭᠤᠯᠬᠤ ᠲᠤᠰᠬᠠᠢ ᠰᠡᠳᠦᠪᠲᠦ ᠪᠤᠯᠪᠠᠰᠣᠷᠠᠯ ᠢ ᠡᠷᠭᠢᠯᠡᠵᠦ᠂ ᠰᠦᠯᠵᠢᠶᠡᠨ ᠤ ᠰᠤᠷᠤᠯᠴᠠᠯᠭ᠎ᠠ ᠶᠢᠨ ᠲᠠᠪᠴᠠᠩ ᠢᠶᠠᠷ ᠳᠠᠮᠵᠢᠭᠤᠯᠤᠨ ︽ᠰᠢ ᠶᠢᠨ ᠫᠢᠩ ᠤᠨ ᠰᠣᠶᠣᠯ ᠤᠨ ᠦᠵᠡᠯ ᠰᠠᠨᠠᠭ᠎ᠠ︾ ᠭᠤᠣᠯ ᠰᠡᠳᠦᠪᠲᠦ ᠲᠠᠶᠢᠯᠤᠮᠵᠢ ᠶᠢᠨ ᠬᠢᠴᠢᠶᠡᠯ ᠪᠠ ︽ᠰᠣᠶᠣᠯ ᠢᠶᠠᠷ ᠥᠪᠡᠷ ᠢ ᠪᠠᠨ ᠬᠦᠴᠦᠷᠬᠡᠭᠵᠢᠭᠦᠯᠬᠦ ᠠᠷᠪᠠᠨ ᠠᠰᠠᠭᠤᠯᠲᠠ︾ ᠪᠢᠴᠢᠯ ᠬᠢᠴᠢᠶᠡᠯ ᠢ ᠭᠥᠯᠢᠶᠡᠨ ᠠᠪᠴᠤ ᠦᠵᠡᠪᠡ᠃         ᠪᠤᠯᠪᠠᠰᠣᠷᠠᠯ ᠠᠴᠠ ᠨᠢᠬᠡ ᠳᠤ᠂ ᠰᠢ ᠶᠢᠨ ᠫᠢᠩ ᠤᠨ ᠰᠣᠶᠣᠯ   ᠤᠨ ᠦᠵᠡᠯ ᠰᠠᠨᠠᠭ᠎ᠠ ᠶᠢ ᠭᠦᠨᠵᠡᠭᠡᠢ ᠰᠤᠷᠤᠯᠴᠠᠨ ᠲᠤᠤᠱᠯᠠᠭᠤᠯᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠪᠠᠬᠢ ᠪᠤᠶ ᠪᠣᠯᠭᠠᠬᠤ ᠡᠨᠡ ᠬᠦ ᠭᠤᠣᠯ ᠰᠢᠵᠢᠮ ᠢ ᠪᠠᠲᠤ ᠡᠵᠡᠮᠰᠢᠵᠦ᠂ ᠪᠠᠷᠠᠭᠤᠨ ᠦᠵᠦᠮᠦᠴᠢᠨ ᠬᠤᠰᠢᠭᠤᠨ ᠤ ᠲᠠᠯ᠎ᠠ ᠨᠤᠲᠤᠭ ᠲᠠᠬᠢ ᠦᠨᠳᠦᠰᠦᠲᠡᠨ ᠨᠦᠭᠦᠳ ᠤᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ ᠤᠨ ᠲᠡᠦᠬᠡ ᠪᠠ ᠪᠣᠳᠠᠲᠤ ᠠᠬᠤᠢ ᠶᠢ ᠭᠦᠨᠵᠡᠭᠡᠢ  ᠦᠢᠯᠠᠭᠠᠵᠦ᠂ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ ᠣᠶᠢᠯᠠᠭᠠᠭᠳᠠᠬᠤᠨ ᠤ ᠪᠠᠶᠠᠯᠢᠭ ᠠᠭᠤᠯᠬᠤᠨ ᠢ ᠭᠦᠢᠴᠡᠳ ᠠᠭᠤᠳᠠᠯᠵᠤ᠂ ᠮᠣᠩᠭᠤᠯ ᠮᠣᠷᠢᠨ ᠤ ᠵᠣᠷᠢᠭ ᠰᠠᠨᠠᠭ᠎ᠠ ᠪᠠ ︽ᠤᠮᠠᠷᠠᠲᠤ ᠶᠢᠨ ᠭᠤᠷᠪᠠᠨ ᠣᠷᠣᠨ ᠤ ᠵᠣᠷᠢᠭ ᠰᠠᠨᠠᠭ᠎ᠠ︾ ᠶᠢ ᠭᠦᠨᠵᠡᠭᠡᠢ ᠰᠤᠳᠤᠯᠤᠨ ᠲᠠᠶᠢᠯᠪᠤᠷᠢᠯᠠᠵᠤ᠂ ᠪᠥᠬᠦ ᠬᠤᠰᠢᠭᠤᠨ ᠤ ᠺᠠᠳ᠋ᠷ ᠣᠯᠠᠨ ᠲᠦᠮᠡᠨ ᠤ ᠬᠤᠶᠠᠷ ᠶᠡᠭᠡ ᠶᠠᠪᠤᠳᠠᠯ ᠢ ᠴᠢᠷᠮᠠᠶᠢᠨ ᠰᠠᠶᠢᠲᠤᠷ ᠬᠢᠬᠦ ᠦᠢᠯᠡᠳᠦᠯᠭᠡ ᠠᠴᠠ ᠣᠶᠤᠨ ᠰᠠᠨᠠᠭᠠᠨ ᠤ ᠰᠢᠮ᠎ᠡ ᠲᠡᠵᠢᠭᠡᠯ ᠢ ᠰᠢᠩᠭᠡᠬᠡᠨ ᠠᠪᠬᠤ ᠬᠡᠷᠡᠭᠲᠡᠢ᠃      ᠬᠤᠶᠠᠷ ᠲᠤ᠂ ᠤᠮᠠᠷᠠᠲᠤ ᠬᠢᠯᠢ ᠶᠢᠨ ᠰᠣᠶᠣᠯ ᠤᠨ ᠠᠭᠤᠯᠤᠭᠳᠠᠬᠤᠨ ᠣᠨᠴᠠᠯᠢᠭ ᠰᠢᠨᠵᠢ ᠶᠢ ᠣᠨᠣᠪᠴᠢᠲᠠᠶ ᠡᠵᠡᠮᠳᠡᠬᠦ ᠬᠡᠷᠡᠭᠲᠡᠢ᠃ ᠳᠤᠮᠳᠠᠳᠤ   ᠶᠢᠨ ᠪᠣᠯᠪᠠᠰᠤᠨ ᠤ ᠲᠣᠪᠣᠶᠢᠮ᠎ᠠ ᠣᠨᠴᠠᠯᠢᠭ᠂ ︽ᠬᠤᠶᠠᠷ ᠢ ᠤᠶᠠᠯᠳᠤᠭᠤᠯᠬᠤ︾ ᠶᠢᠨ ᠴᠢᠬᠤᠯᠠ ᠶᠡᠭᠡ ᠠᠴᠢ ᠬᠤᠯᠪᠣᠭᠳᠠᠯ   ᠢ ᠭᠦᠨᠵᠡᠭᠡᠢ ᠡᠵᠡᠮᠰᠢᠵᠦ᠂ ᠰᠣᠶᠣᠯ ᠤᠨ ᠰᠢᠨ᠎ᠡ ᠡᠭᠦᠷᠭᠡ   ᠶᠢ ᠡᠭᠦᠷᠭᠡᠯᠡᠬᠦ ᠴᠢᠬᠤᠯᠠ ᠱᠠᠭᠠᠷᠳᠠᠯᠭ᠎ᠠ   ᠶᠢᠨ ᠰᠠᠭᠤᠷᠢᠨ ᠳᠡᠭᠡᠷ᠎ᠡ᠂ ᠤᠮᠠᠷᠠᠲᠤ ᠬᠢᠯᠢ   ᠶᠢᠨ ᠰᠣᠶᠣᠯ ᠤᠨ ᠠᠭᠤᠯᠬᠤᠨ ᠣᠨᠴᠠᠯᠢᠭ ᠰᠢᠨᠵᠢ   ᠶᠢ ᠣᠨᠣᠪᠴᠢᠲᠠᠶ ᠡᠵᠡᠮᠰᠢᠬᠦ ᠬᠡᠷᠡᠭᠲᠡᠢ᠃      ᠭᠤᠷᠪᠠ ᠳᠤ ᠤᠮᠠᠷᠠᠲᠤ ᠶᠢᠨ ᠰᠣᠶᠣᠯ ᠢ ᠴᠣᠭᠴᠠᠯᠠᠨ ᠪᠠᠶᠢᠭᠤᠯᠬᠤ ᠶᠢᠨ ᠴᠢᠬᠤᠯᠠ ᠶᠡᠭᠡ ᠠᠴᠢ ᠬᠤᠯᠪᠣᠭᠳᠠᠯ ᠢ ᠭᠦᠨᠵᠡᠭᠡᠢ ᠡᠵᠡᠮᠰᠢᠬᠦ ᠬᠡᠷᠡᠭᠲᠡᠢ᠃ ᠤᠮᠠᠷᠠᠲᠤ ᠶᠢᠨ ᠰᠣᠶᠣᠯ ᠳᠠᠬᠢ  ᠬᠦᠨ ᠵᠤᠵᠠᠭᠠᠨ ᠠᠭᠤᠯᠠᠭᠳᠠᠬᠤᠨ᠂ ᠦᠨ᠎ᠡ ᠦᠷᠳᠡᠭ ᠢ ᠪᠠᠳᠠᠷᠠᠭᠤᠯᠵᠤ᠂ ︽ᠤᠮᠠᠷᠠᠲᠤ ᠶᠢᠨ ᠰᠣᠶᠣᠯ︾ ᠤᠨ ᠲᠦᠷᠦᠯ ᠲᠡᠮᠳᠡᠭ ᠢ ᠡᠭᠦᠳᠬᠦ ᠪᠠᠷ ᠳᠠᠮᠵᠢᠭᠤᠯᠵᠤ᠂ ᠤᠮᠠᠷᠠᠲᠤ ᠶᠢᠨ ᠰᠢᠯᠢᠳᠡᠭ ᠰᠣᠶᠣᠯ ᠢ ᠰᠢᠨ᠎ᠡ ᠴᠠᠭ ᠦᠶ᠎ᠡ ᠳᠤ ᠠᠮᠢᠵᠢᠷᠠᠯ ᠤᠨ ᠬᠦᠴᠦᠨ ᠲᠠᠢ ᠪᠣᠯᠭᠠᠬᠤ ᠬᠡᠷᠡᠭᠲᠡᠢ᠃      ᠳᠥᠷᠪᠡ ᠳᠤ᠂ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ ᠤᠨ ᠠᠵᠢᠯᠲᠠᠳ ᠤᠮᠠᠷᠠᠲᠤ ᠬᠢᠯᠢ ᠶᠢᠨ ᠰᠣᠶᠣᠯ ᠳᠠᠬᠢ ᠰᠣᠶᠣᠯ ᠤᠨ ᠤᠬᠢ ᠰᠣᠳᠣ ᠶᠢ  ᠬᠦᠢᠴᠠᠳ ᠢᠯᠡᠷᠡᠭᠦᠯᠵᠦ᠂ ᠤᠯᠠᠮᠵᠢᠯᠠᠨ ᠬᠥᠭᠵᠢᠭᠦᠯᠬᠦ ᠶᠠᠪᠤᠴᠠ ᠳᠠᠭᠠᠨ ᠤᠮᠠᠷᠠᠲᠤ ᠬᠢᠯᠢ ᠶᠢᠨ ᠰᠣᠶᠣᠯ ᠤᠨ ᠴᠡᠴᠡᠭᠯᠡᠯ ᠬᠥᠭᠵᠢᠯ ᠢ ᠠᠬᠢᠭᠤᠯᠬᠤ ᠬᠡᠷᠡᠭᠲᠡᠢ ᠬᠡᠵᠡᠢ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号