ᠮᠠᠯᠴᠢᠨ ︽ᠢᠨᠵᠧᠨᠧᠷ︾ ᠤᠨ ᠦᠢᠯᠡᠳᠦᠭᠰᠡᠨ ᠰᠢᠨ᠎ᠡ ᠮᠠᠰᠢᠨ ᠨᠤᠭᠤᠳ
ᠨᠡᠶᠢᠲᠡᠯᠡᠭᠰᠡᠨ ᠴᠠᠭ᠄
2024/4/29
     ᠮᠠᠯᠵᠢᠬᠤ ᠣᠷᠣᠨ ᠤ ᠠᠮᠢᠳᠤᠷᠠᠯ ᠤᠨ ᠬᠢᠷᠢ ᠲᠦᠪᠰᠢᠨ ᠲᠡᠰᠤᠷᠠᠯᠳᠠ ᠦᠭᠡᠢ ᠳᠡᠭᠡᠭᠰᠢᠯᠡᠬᠦ ᠶᠢ ᠳᠠᠭᠠᠯᠳᠤᠨ᠂ ᠮᠠᠯᠵᠢᠬᠤ ᠦᠢᠯᠡᠳᠪᠦᠷᠢᠯᠡᠯ ᠤᠨ ᠪᠠᠭᠠᠵᠢ ᠬᠡᠷᠡᠭᠰᠡᠯ ᠤᠳ ᠠᠯᠭᠤᠷ ᠠᠭᠠᠵᠢᠮ ᠢᠶᠠᠷ  ᠰᠢᠨ᠎ᠡ ᠬᠡᠯᠪᠡᠷᠢ ᠶᠢᠨ ᠮᠠᠰᠢᠨ ᠮᠧᠬᠠᠨᠢᠭ ᠢᠶᠠᠷ ᠣᠷᠣᠯᠠᠭᠳᠠᠵᠤ᠂ ᠬᠥᠮᠥᠨ ᠤ ᠬᠦᠴᠦᠨ ᠳᠤ ᠶᠡᠬᠡᠬᠡᠨ ᠠᠷᠪᠢᠲᠠᠢ ᠪᠣᠯᠵᠠᠢ᠃ ᠵᠡᠭᠦᠨ ᠦᠵᠦᠮᠦᠴᠢᠨ ᠬᠤᠰᠢᠭᠤᠨ ᠤ ᠡᠵᠢᠨᠠᠭᠤᠷ ᠪᠠᠯᠭᠠᠰᠤᠨ ᠤ ᠬᠠᠷᠠᠭᠤᠪᠢ ᠭᠠᠴᠠᠭᠠᠨ ᠤ ᠮᠠᠯᠴᠢᠨ ᠴᠢᠯᠠᠭᠤᠨᠳᠠᠪᠠᠬ᠋᠎ᠠ ᠶᠢᠨ ᠰᠤᠳᠤᠯᠤᠨ ᠦᠢᠯᠡᠳᠦᠭᠰᠡᠨ ᠨᠠᠷᠠᠨ   ᠡᠨᠧᠷᠬᠢ ᠶᠢᠨ ᠬᠦᠳᠡᠯᠬᠡᠬᠦᠷᠳᠦ ᠪᠣᠷᠳᠤᠭ᠎ᠠ ᠠᠰᠬᠠᠬᠤ ᠮᠠᠰᠢᠨ ᠪᠣᠯᠣᠨ ᠡᠪᠡᠰᠦ ᠠᠷᠪᠢᠯᠠᠬᠤ ᠲᠣᠭᠤᠷᠠᠭ ᠣᠩᠭᠤᠴᠠ ᠨᠢ ᠬᠦᠳᠡᠯᠮᠤᠷᠢ ᠬᠦᠴᠦᠨ ᠳᠤ ᠠᠷᠪᠢᠲᠠᠢ᠂ ᠵᠣᠭᠤᠰ ᠮᠥᠩᠭᠦᠨ ᠳᠤ ᠭᠠᠮᠲᠠᠢ᠂ ᠬᠡᠷᠡᠭᠯᠡᠬᠦ ᠳᠤ ᠲᠦᠬᠦᠮ ᠵᠡᠷᠭᠡ ᠣᠨᠴᠠᠯᠢᠭ ᠢᠶᠠᠷ ᠢᠶᠠᠨ ᠮᠠᠯᠴᠢᠨ ᠲᠦᠮᠡᠨ ᠳᠤ ᠶᠡᠬᠡᠬᠡᠨ ᠲᠠᠭᠠᠯᠠᠭᠳᠠᠵᠤ ᠪᠠᠶᠢᠨ᠎ᠠ᠃            ᠬᠠᠷᠠᠬᠠᠨ ᠪᠠᠭ᠎ᠠ ᠠᠴᠠ ᠪᠠᠨ ᠮᠠᠰᠢᠨ ᠮᠧᠬᠠᠨᠢᠭ ᠲᠤ ᠰᠣᠨᠢᠷᠬᠠᠯ ᠲᠠᠢ ᠴᠢᠯᠠᠭᠤᠨᠳᠠᠪᠠᠬ᠋᠎ᠠ ᠡᠳᠦᠷ ᠲᠤᠳᠦᠮ ᠤᠨ ᠠᠮᠢᠳᠤᠷᠠᠯ ᠳᠤᠮᠳᠠ ᠪᠠᠨ ᠶᠠᠭᠤ ᠨᠢᠭᠡ ᠶᠢ ᠰᠤᠳᠤᠯᠵᠤ ᠤᠷᠤᠯᠳᠤᠬᠤ ᠳᠤᠷᠠᠲᠠᠢ ᠪᠠᠶᠢᠵᠤ᠂ ᠮᠠᠰᠢᠨᠴᠢᠯᠠᠵᠤ ᠳᠥᠭᠦᠮᠴᠢᠯᠡᠵᠦ ᠪᠣᠯᠬᠤᠶᠢᠴᠠ ᠵᠦᠢᠯ ᠤᠳ ᠢᠶᠠᠨ ᠡᠪ ᠳ᠋ᠦᠢ ᠶᠢ ᠨᠢ ᠦᠵᠡᠵᠦ ᠪᠠᠶᠢᠭᠠᠳ ᠤᠷᠤᠯᠳᠤᠨ ᠬᠢᠵᠦ᠂ ᠮᠠᠯᠵᠢᠬᠤ ᠦᠢᠯᠡᠳᠪᠦᠷᠢᠯᠡᠯ ᠤᠨ ᠴᠠᠭ ᠢ ᠠᠷᠪᠢᠯᠠᠨ ᠦᠷ᠎ᠡ ᠠᠰᠢᠭ ᠢ ᠲᠡᠬᠡᠭᠰᠢᠯᠡᠬᠦᠯᠬᠦ ᠶᠢ ᠰᠡᠳᠬᠢᠳᠡᠭ᠃           2020 ᠣᠨ ᠳᠤ ᠲᠡᠷᠡ ᠬᠤᠶᠠᠷ ᠰᠠᠷ᠎ᠠ ᠭᠠᠷᠤᠢ ᠶᠢᠨ ᠴᠠᠭ ᠬᠡᠷᠡᠭᠰᠡᠵᠦ ᠭᠤᠷᠪᠠᠨ ᠬᠦᠷᠳᠦᠲᠦ ᠴᠢᠶ᠋ᠢᠦ ᠲᠤᠰᠳ ᠤ ᠲᠡᠷᠭᠡ ᠶᠢ ᠥᠭᠡᠷᠡᠴᠢᠯᠡᠨ ᠨᠠᠷᠠᠨ ᠡᠨᠧᠷᠬᠢ ᠶᠢᠨ ᠬᠦᠳᠡᠯᠬᠡᠬᠦᠷᠳᠦ ᠪᠣᠷᠳᠤᠭ᠎ᠠ ᠠᠰᠬᠠᠬᠤ ᠮᠠᠰᠢᠨ ᠪᠣᠯᠭᠠᠨ ᠰᠤᠳᠤᠯᠤᠨ ᠪᠦᠲᠦᠭᠡᠵᠦ᠂ ᠮᠠᠯᠵᠢᠬᠤ ᠦᠢᠯᠡᠳᠪᠦᠷᠢᠯᠡᠯ ᠳᠡᠭᠡᠨ ᠬᠡᠷᠡᠭᠯᠡᠪᠡ᠃ ᠡᠨᠡᠬᠦ ᠡᠭᠦᠳᠦᠨ ᠪᠦᠲᠦᠭᠡᠯᠲᠡ ᠨᠢ 2022 ᠣᠨ ᠳᠤ ᠤᠯᠤᠰ ᠤᠨ ᠲᠤᠰᠬᠠᠢ ᠠᠰᠢᠭ ᠤᠨ ᠡᠷᠬᠡ ᠶᠢ ᠣᠯᠣᠭᠰᠠᠨ ᠪᠥᠭᠡᠳ ᠥᠨᠥ ᠵᠢᠯ ᠵᠡᠭᠦᠨ ᠦᠵᠦᠮᠦᠴᠢᠨ ᠬᠤᠰᠢᠭᠤᠨ ᠤ ᠳᠥᠷᠪᠡᠳᠦᠭᠡᠷ ᠤᠳᠠᠭᠠᠨ ᠤ ︽ᠠᠨᠠᠨᠳᠠ︾ ᠬᠤᠨᠳᠠᠭᠠᠲᠤ ᠪᠦᠬᠦ ᠠᠷᠠᠳ ᠤᠨ ᠰᠢᠨᠵᠢᠯᠡᠭᠡ ᠮᠡᠷᠭᠡᠵᠢᠯ ᠤᠨ ᠡᠭᠦᠳᠦᠨ ᠪᠦᠲᠦᠭᠡᠯᠲᠡ ᠶᠢᠨ ᠤᠷᠤᠯᠳᠤᠭᠠᠨ ᠤ ᠨᠡᠶᠢᠭᠡᠮ ᠤᠨ ᠳᠤᠭᠤᠶᠢᠯᠠᠩ ᠤᠨ ᠨᠢᠭᠡᠳᠦᠭᠡᠷ ᠲᠡᠰ ᠲᠤ ᠲᠣᠳᠣᠷᠠᠵᠠᠢ᠃            ︽ᠪᠣᠷᠳᠤᠭ᠎ᠠ ᠠᠰᠬᠠᠬᠤ ᠪᠣᠯ ᠮᠠᠯᠵᠢᠬᠤ ᠦᠢᠯᠡᠳᠪᠦᠷᠢᠯᠡᠯ ᠤᠨ ᠨᠢᠭᠡᠨ ᠬᠦᠨᠳᠦ ᠠᠵᠢᠯ ᠮᠥᠨ᠂ ᠮᠢᠨᠤ ᠡᠨᠡᠬᠦ ᠨᠠᠷᠠᠨ  ᠡᠨᠧᠷᠬᠢ ᠶᠢᠨ ᠪᠣᠷᠳᠤᠭ᠎ᠠ ᠠᠰᠬᠠᠬᠤ  ᠮᠠᠰᠢᠨ   ᠨᠢ  ᠬᠥᠮᠥᠨ  ᠤ  ᠬᠦᠴᠦ᠂ ᠴᠠᠭ ᠢ ᠠᠷᠪᠢᠯᠠᠬᠤ ᠮᠥᠷᠲᠡᠭᠡᠨ ᠲᠣᠰᠣ᠂ ᠴᠠᠬᠢᠯᠭᠠᠨ ᠬᠡᠷᠡᠭᠯᠡᠬᠦ ᠦᠭᠡᠢ ᠶᠤᠮ᠃ ᠲᠤᠰ ᠮᠠᠰᠢᠨ 800 ᠵᠢᠩ ᠪᠣᠷᠳᠤᠭ᠎ᠠ ᠰᠠᠪᠠᠯᠠᠵᠤ ᠳᠡᠶᠢᠯᠳᠡᠭ ᠪᠥᠭᠡᠳ ᠬᠤᠶᠠᠷ ᠲᠦᠷᠦᠯ ᠤᠨ ᠪᠣᠷᠳᠤᠭ᠎ᠠ ᠶᠢ ᠵᠢᠭᠳᠡ ᠨᠠᠶᠢᠷᠠᠭᠤᠯᠤᠨ ᠠᠰᠬᠠᠵᠤ᠂ 500 ᠬᠤᠨᠢ ᠲᠡᠵᠢᠭᠡᠬᠦ ᠪᠣᠷᠳᠤᠭ᠎ᠠ ᠶᠢ 2 ᠮᠢᠨᠦ᠋ᠲ ᠲᠤ ᠠᠰᠬᠠᠵᠤ ᠳᠠᠭᠤᠰᠬᠠᠳᠠᠭ᠃ ᠡᠭᠦᠨ ᠠᠴᠠ  ᠭᠠᠳᠠᠨ᠎ᠠ ᠲᠤᠰ ᠮᠠᠰᠢᠨ ᠪᠠᠰᠠ 50   ᠮᠧᠲᠷ ᠤᠨ ᠭᠦᠨ ᠠᠴᠠ ᠤᠰᠤ ᠲᠠᠲᠠᠵᠤ ᠴᠢᠳᠠᠳᠠᠭ ᠠᠴᠠ ᠮᠠᠯ ᠢᠶᠠᠨ ᠪᠣᠷᠳᠣᠬᠤ ᠶᠢᠨ ᠳᠠᠭᠠᠤ ᠤᠰᠤᠯᠠᠴᠢᠬᠠᠳᠠᠭ︾ ᠭᠡᠵᠦ ᠴᠢᠯᠠᠭᠤᠨᠳᠠᠪᠠᠬ᠋᠎ᠠ ᠲᠠᠨᠢᠯᠴᠠᠭᠤᠯᠪᠠ᠃           ᠣᠶᠢᠯᠠᠭᠠᠭᠰᠠᠨ ᠢᠶᠠᠷ᠂ ᠲᠤᠰ ᠮᠠᠰᠢᠨ ᠨᠢ ᠭᠤᠷᠪᠠ ᠤᠳᠠᠭᠠᠨ ᠤ ᠰᠢᠨᠡᠴᠢᠯᠡᠯᠲᠡ ᠪᠠᠷ ᠲᠠᠮᠵᠢᠨ᠂ ᠬᠡᠷᠡᠭᠯᠡᠬᠦ ᠳᠤ ᠲᠦᠬᠦᠮ᠂ ᠵᠢᠯᠤᠭᠤᠳᠬᠤ ᠳᠤ ᠠᠮᠠᠷᠬᠠᠨ᠂ ᠪᠣᠷᠳᠣᠬᠤ ᠶᠠᠪᠤᠴᠠ ᠬᠢᠯᠪᠡᠷ᠂ ᠬᠦᠳᠡᠯᠮᠦᠷᠢ ᠬᠦᠴᠦ ᠶᠢ ᠠᠷᠪᠢᠯᠠᠳᠠᠭ ᠵᠡᠷᠭᠡ ᠰᠠᠶᠢᠨ ᠲᠠᠯ᠎ᠠ ᠶᠢ ᠪᠦᠷᠢᠯᠳᠦᠭᠦᠯᠦᠭᠰᠡᠨ ᠠᠴᠠ ᠮᠠᠯᠴᠢᠳ ᠤᠨ ᠦᠢᠯᠡᠳᠪᠦᠷᠢᠯᠡᠯ ᠠᠮᠢᠳᠤᠷᠠᠯ ᠳᠤ ᠶᠡᠬᠡᠬᠡᠨ ᠲᠦᠬᠦᠮ ᠦᠵᠡᠬᠦᠯᠬᠦ  ᠰᠢᠨ᠎ᠡ ᠡᠭᠦᠳᠦᠯᠲᠡ ᠪᠣᠯᠤᠭᠰᠠᠨ ᠪᠠᠶᠢᠨ᠎ᠠ᠃           ᠴᠢᠯᠠᠭᠤᠨᠳᠠᠪᠠᠬ᠋᠎ᠠ 2021 ᠣᠨ ᠳᠤ ᠪᠠᠰᠠ ᠦᠬᠡᠷ ᠲᠡᠵᠢᠭᠡᠬᠦ ᠡᠪᠡᠰᠦ ᠠᠷᠪᠢᠯᠠᠬᠤ ᠣᠩᠭᠤᠴᠠ ᠶᠢ ᠰᠤᠳᠤᠯᠤᠨ ᠪᠦᠲᠦᠭᠡᠵᠦ᠂ ᠲᠤᠰ ᠣᠩᠭᠤᠴᠠ ᠨᠢ ᠬᠠᠮᠤᠭ ᠠᠷᠪᠢᠨ ᠳᠠᠭᠠᠨ 250 ᠺᠢᠯᠦᠭᠷᠠᠮ ᠡᠪᠡᠰᠦ ᠰᠠᠪᠠᠯᠠᠵᠤ᠂ 10 ᠦᠬᠡᠷ ᠢ ᠵᠡᠷᠭᠡᠪᠡᠷ ᠲᠡᠵᠢᠭᠡᠵᠦ ᠪᠤᠯᠳᠠᠭ ᠪᠠᠶᠢᠵᠤ᠂ ᠪᠠᠭᠲᠠᠭᠠᠮᠵᠢ ᠨᠢ ᠶᠡᠭᠡ ᠤᠴᠢᠷ ᠠᠴᠠ ᠦᠬᠡᠷ ᠤᠨ ᠤᠷᠳᠦ ᠬᠤᠭᠤᠴᠠᠭ᠎ᠠ ᠪᠠᠷ ᠢᠳᠡᠰᠢᠯᠡᠬᠦ ᠱᠠᠭᠠᠷᠳᠠᠯᠭ᠎ᠠ ᠶᠢ ᠬᠠᠩᠭᠠᠨ᠂ ᠬᠥᠮᠥᠨ ᠤ ᠬᠦᠴᠦ ᠶᠢ ᠠᠷᠪᠢᠯᠠᠬᠤ ᠮᠥᠷᠲᠡᠭᠡᠨ ᠦᠬᠡᠷ ᠤᠳ ᠬᠤᠭᠤᠷᠣᠨᠳᠤ ᠪᠠᠨ ᠮᠥᠷᠭᠦᠯᠳᠦᠬᠦ ᠪᠠᠶᠢᠳᠠᠯ ᠠᠴᠠ ᠴᠤ ᠵᠠᠶᠢᠯᠠᠰᠬᠢᠳᠠᠭ᠃ ᠡᠭᠦᠨ ᠠᠴᠠ ᠭᠠᠳᠠᠨ᠎ᠠ ᠲᠤᠰ ᠣᠩᠭᠤᠴᠠ ᠨᠢ ᠡᠪᠡᠰᠦ ᠲᠡᠵᠢᠭᠡᠯ ᠦᠯᠡᠳᠡᠬᠦ᠂ ᠳᠡᠪᠢᠰᠦᠭᠳᠡᠬᠦ ᠶᠢ ᠰᠡᠷᠭᠡᠶᠢᠯᠡᠨ᠂ ᠰᠠᠯᠬᠢᠨ ᠳᠤ ᠬᠡᠶᠢᠰᠬᠦ ᠦᠭᠡᠢ᠂ ᠠᠷᠪᠢᠯᠠᠨ ᠭᠠᠮᠨᠠᠬᠤ ᠦᠢᠯᠡᠳᠦᠯ ᠲᠠᠢ ᠮᠥᠷᠲᠡᠭᠡᠨ ᠤᠭᠰᠠᠷᠠᠬᠤ ᠳᠤ ᠲᠦᠬᠦᠮ᠂ ᠵᠠᠳᠠᠯᠵᠤ ᠰᠠᠯᠭᠠᠵᠤ ᠪᠤᠯᠳᠠᠭ ᠪᠠᠶᠢᠵᠤ᠂ ᠬᠦᠷᠳᠦ ᠲᠠᠢ ᠪᠠᠶᠢᠳᠠᠭ ᠠᠴᠠ ᠨᠡᠭᠦᠯᠭᠡᠵᠦ ᠰᠢᠯᠵᠢᠭᠦᠯᠵᠦ ᠪᠤᠯᠳᠠᠭ ᠪᠠᠶᠢᠨ᠎ᠠ᠃ 2022 ᠣᠨ ᠠᠴᠠ ᠨᠠᠭᠠᠰᠢ ᠴᠢᠯᠠᠭᠤᠨᠳᠠᠪᠠᠬ᠋᠎ᠠ ᠥᠪᠡᠷ ᠤᠨ ᠮᠠᠯᠵᠢᠬᠤ ᠦᠢᠯᠡᠳᠪᠦᠷᠢᠯᠡᠯ ᠤᠨ ᠴᠢᠯᠦᠭᠡ ᠵᠠᠪ ᠢᠶᠠᠷ ᠢᠶᠠᠨ ᠳᠥᠴᠢᠭᠡᠳ ᠡᠪᠡᠰᠦ ᠠᠷᠪᠢᠯᠠᠬᠤ ᠣᠩᠭᠤᠴᠠ ᠦᠢᠯᠡᠳᠦᠨ ᠪᠣᠷᠣᠯᠠᠭᠤᠯᠵᠤ᠂ ᠬᠠᠩᠭᠠᠯᠭ᠎ᠠ ᠨᠢ ᠬᠡᠷᠡᠭᠴᠡᠭᠡᠨ ᠳᠡᠭᠡᠨ ᠬᠦᠷᠬᠦ ᠦᠭᠡᠢ ᠪᠠᠶᠢᠪᠠ᠃             2023 ᠣᠨ ᠳᠤ ᠴᠢᠯᠠᠭᠤᠨᠳᠠᠪᠠᠬ᠋᠎ᠠ ᠬᠤᠰᠢᠭᠤᠨ ᠤ ᠪᠠᠨ ᠬᠠᠮᠢᠶ᠎ᠠ ᠪᠦᠬᠦᠢ ᠪᠠᠶᠢᠭᠤᠯᠭ᠎ᠠ ᠨᠢᠭᠡᠴᠢ ᠶᠢᠨ ᠳᠡᠮᠵᠢᠯᠭᠡ ᠪᠠᠷ ︽ᠳᠠᠪᠠᠭ᠎ᠠ ᠰᠢᠨ᠎ᠡ  ᠡᠨᠧᠷᠬᠢ ᠶᠢᠨ ᠬᠢᠵᠠᠭᠠᠷᠲᠤ ᠺᠤᠮᠫᠠᠨᠢ︾ ᠪᠠᠨ ᠳᠠᠩᠰᠠᠯᠠᠭᠤᠯᠤᠨ ᠪᠠᠶᠢᠭᠤᠯᠵᠤ᠂ ᠮᠠᠯᠴᠢᠨ ᠲᠦᠮᠡᠨ ᠤ ᠦᠢᠯᠡᠳᠪᠦᠷᠢᠯᠡᠯ ᠠᠮᠢᠳᠤᠷᠠᠯ ᠳᠤ ᠲᠦᠬᠦᠮ ᠦᠵᠡᠭᠦᠯᠵᠦ ᠴᠢᠳᠠᠬᠤ ᠨᠡᠩ ᠤᠯᠠᠨ  ᠰᠢᠨ᠎ᠡ ᠪᠦᠲᠦᠭᠡᠭᠳᠡᠬᠦᠨ ᠢ ᠦᠢᠯᠡᠳᠪᠦᠷᠢᠯᠡᠬᠦ ᠪᠠᠷ ᠴᠢᠷᠮᠠᠶᠢᠵᠤ  ᠪᠠᠶᠢᠨ᠎ᠠ᠃
 
ᠢᠷᠡᠯᠲᠡ᠄ ᠰᠢᠯᠢ ᠶᠢᠨ ᠭᠣᠣᠯ ᠠᠢᠮᠠᠭ ‍ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号