ᠡᠯ᠎ᠡ ᠭᠠᠴᠠᠭ᠎ᠠ ᠨᠣᠮ ᠣᠩᠰᠢᠬᠤ ᠡᠳᠦᠷ ᠤᠨ ᠠᠵᠢᠯᠯᠠᠭ᠎ᠠ ᠶᠢ ᠤᠳᠬ᠎ᠠ ᠠᠭᠤᠯᠭ᠎ᠠ ᠲᠠᠢ ᠳᠡᠮᠳᠡᠭᠯᠡᠯ᠎ᠡ
ᠨᠡᠶᠢᠲᠡᠯᠡᠭᠰᠡᠨ ᠴᠠᠭ᠄
2024/4/25
     4 ᠰᠠᠷ᠎ᠠ ᠶᠢᠨ 23 ᠤ  ᠲᠡᠯᠡᠬᠡᠢ ᠶᠢᠨ ᠨᠣᠮ ᠡᠳᠦᠷ ᠤᠨ ᠠᠵᠢᠯᠯᠠᠭ᠎ᠠ ᠶᠢᠨ ᠴᠠᠭ ᠲᠣᠬᠢᠶᠠᠯ ᠢᠶᠠᠷ ᠪᠠᠷᠠᠭᠤᠨ ᠦᠵᠦᠮᠦᠴᠢᠨ ᠬᠤᠰᠢᠭᠤᠨ ᠤ ᠡᠯ᠎ᠡ ᠭᠠᠴᠠᠭ᠎ᠠ ᠨᠢ ᠥᠪᠡᠷ ᠥᠪᠡᠷ ᠤᠨ ᠣᠨᠴᠠᠯᠢᠭ ᠲᠠᠢ ᠨᠣᠮ ᠣᠩᠰᠢᠬᠤ ᠠᠵᠢᠯᠯᠠᠭ᠎ᠠ ᠥᠷᠨᠢᠬᠦᠯᠦᠯ᠎ᠠ᠃       ᠵᠢᠷ ᠤᠨ ᠭᠤᠤᠯ ᠪᠠᠯᠭᠠᠰᠣᠨ ᠤ ᠰᠢᠨ᠎ᠡ ᠴᠠᠭ ᠦᠶ᠎ᠡ ᠶᠢᠨ ᠪᠣᠯᠪᠠᠰᠤᠨ ᠤ ᠦᠢᠯᠡᠳᠦᠯᠭᠡ ᠶᠢᠨ ᠭᠠᠵᠠᠷ᠂ ᠪᠠᠯᠭᠠᠰᠣᠨ ᠤ ᠡᠮᠡᠭᠲᠡᠶᠢᠴᠦᠳ ᠤᠨ ᠬᠤᠯᠪᠣᠭᠠᠲᠤ ᠬᠤᠷᠠᠯ᠂ ᠪᠠᠯᠭᠠᠰᠣᠨ ᠤ ᠡᠪᠯᠡᠯ ᠤᠨ ᠬᠤᠷᠢᠶ᠎ᠠ ᠠᠴᠠ ᠬᠠᠮᠲᠤᠷᠠᠨ ᠡᠷᠭᠢᠯᠡᠭᠰᠡᠨ ︽ᠨᠤᠮ ᠤᠨ ᠦᠨᠦᠷ ᠢ ᠲᠦᠮᠡᠨ ᠡᠷᠦᠬᠡ ᠳᠤ ᠠᠩᠬᠢᠯᠤᠭᠤᠯᠤᠨ᠂ ᠤᠯᠤᠰ ᠢᠶᠠᠨ ᠬᠦᠴᠦᠷᠬᠡᠭᠵᠢᠭᠦᠯᠬᠦ ᠬᠦᠰᠡᠯ ᠢᠶᠠᠨ ᠬᠠᠮᠲᠤ ᠪᠠᠷ ᠴᠤᠭᠴᠠᠯᠠᠨᠠᠮ︾ ᠬᠡᠮᠡᠬᠦ ᠭᠤᠣᠯ ᠰᠡᠳᠦᠪᠲᠦ ᠡᠴᠢᠬᠡ ᠡᠬᠡᠴᠤᠤᠯ ᠪᠤᠯᠤᠨ ᠬᠡᠦᠬᠡᠳ ᠤᠨ ᠨᠤᠮ ᠤᠩᠰᠢᠯᠭ᠎ᠠ ᠶᠢᠨ ᠠᠵᠢᠯᠯᠠᠭ᠎ᠠ ᠨᠢ ᠵᠢᠷ ᠤᠨ ᠭᠤᠤᠯ  ᠪᠠᠯᠭᠠᠰᠣᠨ ᠤ  ᠵᠢᠭᠠᠰᠦᠲᠠᠢ  ᠭᠠᠴᠠᠭᠠᠨ   ᠤ ᠮᠣᠩᠭᠤᠯ ᠭᠡᠷ ᠲᠠᠬᠢ ᠨᠣᠮ ᠤᠨ ᠥᠷᠥᠭᠡ ᠳᠤ ᠶᠠᠪᠤᠭᠳᠠᠪᠠ᠃      ᠠᠵᠢᠯᠯᠠᠭ᠎ᠠ ᠳᠤ ᠵᠢᠷ ᠤᠨ ᠭᠤᠤᠯ ᠪᠠᠯᠭᠠᠰᠣᠨ ᠤ ︽ᠠᠯᠳᠠᠨ ᠬᠠᠶᠢᠷᠠᠭᠤᠴᠠᠢ︾  ᠤᠬᠠᠭᠤᠯᠤᠨ ᠲᠠᠶᠢᠯᠪᠤᠷᠢᠯᠠᠬᠤ ᠪᠦᠯᠬᠦᠮ ᠤᠨ ᠬᠡᠰᠢᠬᠦᠨ ᠠᠴᠠ ᠭᠤᠤᠯ ᠰᠡᠳᠤᠪ ᠤᠨ ᠲᠤᠭᠤᠷᠢᠨ ᠳᠤ᠂ ︽4.23︾  ᠤ ᠳᠡᠯᠡᠬᠡᠢ ᠶᠢᠨ ᠨᠣᠮ ᠤᠩᠰᠢᠬᠤ ᠡᠳᠦᠷ ᠤᠨ ᠢᠷᠡᠯᠲᠡ᠂ ᠬᠥᠭᠵᠢᠯᠲᠡ ᠵᠢᠴᠢ ᠡᠴᠢᠬᠡ ᠡᠬᠡ ᠪᠤᠯᠤᠨ ᠬᠡᠦᠬᠡᠳ ᠤᠨ ᠨᠤᠮ ᠤᠩᠰᠢᠯᠭ᠎ᠠ ᠶᠢᠨ ᠴᠢᠬᠤᠯᠠ ᠴᠢᠨᠠᠷ᠂ ᠤᠩᠰᠢᠯᠭ᠎ᠠ ᠶᠢᠨ ᠬᠠᠮᠤᠭ ᠤᠨ ᠰᠠᠶᠢᠨ ᠴᠠᠭ᠂ ᠬᠡᠦᠬᠡᠳ ᠤᠨ ᠨᠤᠮ ᠤᠩᠰᠢᠯᠭ᠎ᠠ  ᠶᠢ ᠬᠥᠮᠥᠵᠢᠭᠦᠯᠬᠦ ᠵᠠᠩᠬᠢᠯᠠᠭ᠎ᠠ᠂ ᠤᠩᠰᠢᠯᠭ᠎ᠠ ᠶᠢᠨ ᠨᠣᠮ ᠤᠨ ᠭᠠᠷᠴᠠᠭ ᠤᠨ ᠲᠠᠨᠢᠯᠴᠠᠭᠤᠯᠭ᠎ᠠ ᠵᠡᠷᠭᠡ ᠠᠭᠤᠯᠭ᠎ᠠ ᠶᠢ ᠬᠤᠪᠢᠶᠠᠯᠴᠠᠵᠤ᠂ ᠭᠡᠷ ᠤᠨ ᠠᠬᠠᠮᠠᠳ ᠤᠨ ᠬᠡᠦᠬᠡᠳ ᠲᠡᠭᠡᠨ ᠢᠯᠡᠭᠦᠬᠡᠨ ᠬᠠᠨᠢ ᠪᠣᠯᠵᠤ᠂ ᠬᠡᠦᠬᠡᠳ ᠲᠠᠢ ᠪᠠᠨ ᠬᠠᠮᠲᠤ ᠨᠣᠮ ᠲᠠᠢ ᠨᠠᠶᠢᠵᠠᠯᠠᠨ᠂ ᠬᠡᠦᠬᠡᠳ ᠤᠨ ᠢᠶᠠᠨ ᠨᠣᠮ ᠤᠩᠰᠢᠬᠤ ᠶᠠᠪᠤᠴᠠ ᠳᠠᠬᠢ ᠪᠤᠶᠢᠵᠢᠯᠲᠠ ᠪᠠ ᠬᠤᠪᠢᠷᠠᠯᠲᠠ ᠶᠢ ᠣᠶᠢᠯᠠᠭᠠᠬᠤ ᠶᠢ ᠵᠤᠷᠢᠭᠵᠢᠭᠤᠯᠤᠠᠠᠰᠠᠨ ᠪᠠᠶᠢᠨ᠎ᠠ᠃      ᠠᠵᠢᠯᠯᠠᠭ᠎ᠠ ᠲᠡᠭᠡᠷ᠎ᠡ ᠪᠠᠰᠠ ᠰᠠᠶᠢᠨ ᠰᠠᠶᠢᠬᠠᠨ ᠡᠴᠢᠬᠡ ᠡᠬᠡ ᠪᠤᠯᠤᠨ ᠬᠡᠦᠬᠡᠳ ᠤᠨ ᠴᠠᠭ ᠮᠥᠴᠡ ᠶᠢ ᠲᠡᠮᠳᠡᠭᠯᠡᠬᠦ ᠠᠵᠢᠯᠯᠠᠭ᠎ᠠ ᠦᠷᠨᠢᠭᠦᠯᠵᠤ᠂ ᠨᠣᠮ ᠤᠩᠰᠢᠭᠰᠠᠨ ᠬᠠᠮᠤᠭ ᠤᠨ ᠰᠠᠶᠢᠬᠠᠨ ᠴᠠᠭ ᠮᠥᠴᠡ ᠶᠢ ᠲᠡᠮᠳᠡᠭᠯᠡᠨ᠂ ᠲᠡᠳᠡᠨᠠᠷ ᠲᠤ ᠰᠡᠭᠦᠳᠡᠷ ᠲᠠᠲᠠᠵᠤ ᠳᠤᠷᠠᠰᠬᠠᠯ ᠦᠯᠡᠳᠡᠭᠡᠵᠦ ᠦᠭᠬᠦ ᠶᠢᠨ ᠬᠠᠮᠲᠤ ᠭᠡᠷ ᠤᠨ ᠠᠬᠠᠮᠠᠳ ᠤᠨ ᠪᠠᠷ᠎ᠠ ᠪᠤᠯᠤᠯᠴᠠᠭ᠎ᠠ ᠲᠠᠢ ᠪᠠᠷ ᠭᠡᠷ ᠪᠦᠯᠢ ᠨᠢᠭᠡᠪᠦᠷᠢ ᠳᠤ ᠬᠠᠷᠢᠶᠠᠯᠠᠭᠳᠠᠬᠤ ᠬᠠᠶᠢᠷ᠎ᠠ ᠪᠢᠯᠬᠠᠭᠰᠠᠨ ᠵᠢᠵᠢᠭ ᠵᠢᠷᠤᠭᠲᠤ ᠰᠡᠳᠬᠦᠯ ᠢ ᠵᠤᠭᠢᠶᠠᠵᠠᠢ᠃ ᠠᠵᠢᠯᠯᠠᠭᠠᠨ ᠤ ᠲᠤᠬᠠᠢ ᠶᠢᠨ ᠲᠠᠯᠠᠪᠤᠷ ᠲᠤ᠂ ᠬᠡᠦᠬᠡᠳ ᠤᠳ ᠭᠡᠷ ᠤᠨ ᠠᠬᠠᠮᠠᠳ ᠲᠠᠢ  ᠪᠠᠨ ᠬᠠᠮᠳᠦ ᠵᠢᠷᠤᠭᠲᠤ ᠳᠡᠪᠲᠡᠷ ᠤᠩᠰᠢᠨ᠂ ᠦᠯᠢᠭᠡᠷ ᠶᠠᠷᠢᠬᠤ ᠪᠠ ᠨᠢᠬᠡ ᠨᠢ ᠠᠰᠠᠭᠤᠨ ᠨᠦᠬᠦᠬᠡ ᠨᠢ ᠬᠠᠷᠢᠭᠤᠯᠵᠤ ᠂ ᠤᠯᠤᠯᠳᠠ ᠲᠤᠷᠰᠢᠯᠭ᠎ᠠ ᠪᠠᠨ ᠬᠤᠪᠢᠶᠠᠯᠴᠠᠬᠤ ᠪᠠ ᠰᠣᠯᠢᠯᠴᠠᠨ᠂  ᠨᠣᠮ ᠤᠨ ᠦᠨᠦᠷ ᠠᠮᠲᠠ᠂ ᠨᠣᠮ ᠤᠩᠰᠢᠬᠤ ᠪᠠ ᠬᠤᠪᠢᠶᠠᠯᠴᠠᠬᠤ ᠶᠢᠨ ᠪᠠᠶᠠᠷ ᠴᠡᠩᠭᠡᠯ ᠢ ᠬᠠᠮᠲᠤᠪᠠᠷ ᠡᠳ᠋ᠯᠡᠵᠦ᠂ ᠲᠤᠬᠠᠢ ᠶᠢᠨ ᠲᠠᠯᠠᠪᠤᠷ ᠤᠨ ᠠᠭᠤᠷ ᠠᠮᠢᠰᠬᠤᠯ ᠬᠠᠯᠠᠭᠤᠨ ᠳᠤᠯᠠᠭᠠᠨ ᠮᠦᠷᠳᠡᠬᠡᠨ ᠪᠠᠶᠠᠷ ᠪᠠᠶᠠᠰᠤᠯ ᠢᠶᠠᠷ ᠪᠢᠯᠬᠠᠵᠦ ᠪᠠᠶᠢᠯ᠎ᠠ᠃      4 ᠰᠠᠷ᠎ᠠ ᠶᠢᠨ20 ᠤ ᠡᠳᠦᠷ᠂ ᠬᠤᠭᠤᠯᠡᠲᠦ ᠶᠢᠨ ᠭᠤᠤᠯ ᠪᠠᠯᠭᠠᠰᠤᠡ ᠤ ᠪᠠᠶ᠋ᠬᠠᠷᠬᠡᠲᠦ ᠭᠠᠴᠠᠭ᠎ᠠ ᠨᠢ ᠬᠤᠰᠢᠭᠤᠡ ᠤ ᠪᠠᠨ ᠨᠠᠮ ᠤᠨ ᠬᠤᠷᠢᠶᠠᠨ ᠤ ᠤᠬᠠᠭᠤᠯᠬᠤ ᠬᠡᠯᠲᠡᠰ᠂ ᠪᠠᠷᠠᠭᠤᠡ ᠦᠵᠦᠮᠦᠴᠢᠡ ᠬᠤᠰᠢᠭᠤᠡ ᠤ ᠰᠢᠨ᠎ᠡ ᠴᠠᠭ ᠥᠶ᠎ᠡ ᠶᠢᠨ ᠪᠤᠯᠪᠡᠰᠤᠡ ᠤ ᠦᠢᠯᠡᠲᠦᠯᠭᠡ ᠶᠢᠨ ᠦᠢᠯᠡᠴᠢᠯᠡᠭᠡᠨ ᠤ ᠲᠥᠪ᠂ ᠪᠠᠶ᠋ᠬᠠᠷᠬᠡᠲᠦ ᠭᠠᠴᠠᠭᠠᠡ ᠤ ᠰᠢᠨ᠎ᠡ ᠴᠠᠭ ᠥᠶ᠎ᠡ ᠶᠢᠨ ᠪᠤᠯᠪᠡᠰᠤᠡ ᠤ ᠦᠢᠯᠡᠲᠦᠯᠭᠡ ᠶᠢᠨ ᠦᠷᠲᠡᠭᠡ᠂ ᠡᠮᠡᠭᠲᠡᠶᠢᠴᠤᠳ ᠶᠢᠨ ᠬᠤᠯᠪᠣᠭᠠᠳᠣ ᠬᠤᠷᠡᠯ᠂ ᠨᠠᠮ  ᠤᠨ ᠬᠡᠰᠢᠬᠦᠡ ᠭᠤᠣᠯᠳᠠᠯᠭᠠᠳᠣ  ᠡᠷᠦᠭᠡ ᠵᠡᠷᠭᠡ ᠪᠠᠶᠢᠭᠤᠯᠭ᠎ᠠ ᠨᠢᠬᠡᠴᠠ ᠲᠠᠢ ᠬᠠᠮᠲᠤᠷᠠᠡ ︽ᠤᠷᠡᠡ ᠤᠡᠭᠰᠢᠯᠭᠠᠲᠦ ᠤᠮᠠᠷᠲᠦ ᠬᠢᠯᠢ︾ ᠪᠦᠬᠦ ᠠᠷᠠᠳ ᠪᠠᠷ ᠢᠶᠠᠨ ᠨᠤᠮ ᠤᠡᠭᠰᠢᠬᠤ ᠤᠯᠠᠷᠢᠯ ᠤᠨ ᠰᠢᠷᠢᠰ ᠠᠵᠢᠯᠯᠠᠭ᠎ᠠ ᠵᠢᠴᠢ ᠪᠠᠶ᠋ᠬᠠᠷᠬᠡᠲᠦ ᠭᠠᠴᠠᠭᠠᠡ ᠤ ︽4.23︾ ᠲᠡᠯᠡᠬᠡᠢ ᠶᠢᠨ ᠨᠤᠮ ᠤᠡᠭᠰᠢᠬᠤ ᠡᠲᠦᠷ  ᠤᠨ ᠤᠷᠡᠡ ᠲᠤᠲᠤ ᠤᠡᠭᠰᠢᠯᠭ᠎ᠠ ᠶᠢᠨ ᠤᠷᠤᠯᠲᠤᠭᠠᠡ ᠢ ᠲᠤᠰ ᠭᠠᠴᠠᠭᠠᠡ ᠤ ᠪᠠᠨ ᠬᠡᠪᠴᠢᠶᠡᠡ ᠳᠤ ᠡᠷᠬᠢᠯᠡᠡ ᠶᠠᠪᠤᠠᠠᠳᠠᠭᠤᠯᠵᠤ᠂ ᠤᠷᠤᠯᠲᠤᠭᠠᠡ ᠳᠤ 22 ᠨᠡᠷ᠎ᠡ ᠲᠣᠮᠣᠴᠣᠣᠯ᠂ 9 ᠨᠡᠷ᠎ᠡ ᠬᠡᠤᠬᠡᠳ ᠪᠦᠬᠦᠲᠡ 30 ᠭᠠᠷᠤᠢ ᠬᠦᠮᠦᠡ ᠣᠷᠣᠯᠴᠠᠵᠣ᠂ ᠣᠷᠣᠯᠳᠣᠭᠠᠨ ᠤ ᠳ᠋ᠦᠩ  ᠳᠤ ᠲᠣᠮᠣᠴᠣᠣᠯ ᠤᠨ ᠲᠣᠭᠤᠶᠢᠯᠠᠩ ᠤᠨ 16 ᠨᠡᠷ᠎ᠡ ᠣᠷᠣᠯᠴᠠᠭᠴᠢ᠂ ᠪᠠᠭᠠᠴᠣᠳ ᠤᠨ ᠲᠣᠭᠤᠶᠢᠯᠠᠩ ᠤᠨ 9 ᠨᠡᠷ᠎ᠡ ᠬᠡᠤᠭᠡᠳ ᠲᠤ ᠱᠠᠩᠨᠠᠯ᠂ ᠲᠤᠷᠡᠰᠬᠠᠯ ᠤᠨ ᠪᠤᠲᠡᠰ ᠭᠠᠷᠳᠠᠭᠤᠯᠵᠣ᠂ ᠲᠡᠯᠡᠬᠡᠢ ᠶᠢᠨ ᠨᠣᠮ ᠣᠩᠰᠢᠬᠤ ᠡᠳᠦᠷ ᠢ ᠣᠳᠬ᠎ᠠ ᠠᠭᠤᠯᠭ᠎ᠠ ᠲᠠᠢ ᠲᠡᠮᠳᠡᠭᠯᠡᠵᠡᠢ᠃     4 ᠰᠠᠷ᠎ᠠ ᠶᠢᠨ23 ᠤ ᠡᠳᠦᠷ᠂ ︽ᠭᠤᠷᠣᠬᠠᠨ ᠬᠠᠨ — 2024︾ ᠲᠡᠯᠡᠬᠡᠢ ᠶᠢᠨ ᠨᠣᠮ ᠣᠩᠰᠢᠬᠤ ᠡᠳᠦᠷ ᠢ ᠲᠣᠷᠠᠰᠬᠠᠬᠤ ᠠᠵᠢᠯᠯᠠᠭ᠎ᠠ ᠶᠠᠪᠣᠭᠳᠠᠯ᠎ᠠ᠃ ᠠᠵᠢᠯᠯᠠᠭ᠎ᠠ ᠶᠢ ᠭᠤᠷᠣᠬᠠᠨ ᠪᠠᠯᠭᠠᠰᠣᠨ ᠤ ᠰᠢᠨ᠎ᠡ ᠴᠠᠭ ᠦᠶ᠎ᠡ  ᠶᠢᠨ ᠪᠣᠯᠪᠠᠰᠣᠨ ᠤ ᠦᠢᠯᠡᠳᠦᠯᠭᠡ ᠶᠢᠨ  ᠴᠡᠭ ᠠᠴᠠ ᠵᠣᠬᠢᠶᠠᠨ ᠪᠠᠶᠢᠭᠤᠯᠵᠣ᠂ ᠣᠷᠣᠯᠴᠠᠭᠰᠠᠳ ᠲᠤ ᠨᠣᠮ ᠪᠡᠯᠡᠭᠯᠡᠨ ᠮᠠᠯᠴᠢᠨ ᠠᠷᠠᠳ ᠤᠨ ᠰᠣᠶᠣᠯ ᠤᠨ ᠠᠮᠢᠳᠣᠷᠠᠯ ᠳᠤ ᠰᠢᠨ᠎ᠡ ᠰᠡᠪᠡᠬᠦᠨ ᠠᠭᠤᠷ ᠠᠮᠢᠰᠬᠤᠯ ᠢ ᠪᠤᠢ ᠪᠣᠯᠭᠠᠵᠣ᠂ ᠬᠦᠮᠦᠨ ᠪᠦᠬᠦᠨ ᠨᠣᠮ ᠢ ᠲᠡᠭᠡᠳᠦᠯᠡᠬᠦ ᠰᠠᠶᠢᠨ ᠰᠠᠶᠢᠬᠠᠨ ᠭᠡᠪ ᠰᠣᠷᠳᠠᠯ ᠢ ᠣᠬᠠᠭᠤᠯᠣᠭᠰᠠᠨ ᠪᠠᠶᠢᠨ᠎ᠠ᠃  
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号