ᠮᠠᠯᠴᠢᠨ ᠪᠦᠬᠡᠪᠢᠯᠢᠭ ᠤᠰᠤ ᠪᠠᠷ ᠪᠤᠶᠢᠵᠢᠭᠤᠯᠬᠤ ᠡᠪᠡᠰᠦᠨ ᠲᠠᠷᠢᠮᠠᠯ ᠲᠤᠷᠰᠢᠨ ᠲᠠᠷᠢᠵᠦ ᠪᠠᠶᠢᠨ᠎ᠠ
ᠨᠡᠶᠢᠲᠡᠯᠡᠭᠰᠡᠨ ᠴᠠᠭ᠄
2024/4/23
    ᠪᠠᠷᠠᠭᠤᠨ ᠦᠵᠦᠮᠦᠴᠢᠨ ᠬᠤᠰᠢᠭᠤᠨ ᠤ ᠤᠯᠠᠭᠠᠠᠬᠠᠭᠠᠯᠭ᠎ᠠ ᠰᠤᠮᠤᠨ ᠤ ᠢᠯᠠᠯᠳᠠ ᠭᠠᠴᠠᠭᠠᠨ ᠤ ᠮᠠᠯᠴᠢᠨ ᠪᠦᠬᠡᠪᠢᠯᠢᠭ ᠤᠰᠤ ᠪᠠᠷ ᠪᠤᠶᠢᠵᠢᠭᠤᠯᠬᠤ ᠡᠪᠡᠰᠦᠨ ᠲᠠᠷᠢᠮᠠᠯ ᠲᠤᠷᠰᠢᠨ ᠲᠠᠷᠢᠵᠦ᠂ ᠮᠠᠯ ᠤᠨ ᠲᠡᠵᠢᠭᠡᠯ ᠪᠤᠯᠭᠠᠨ ᠮᠠᠯᠵᠢᠬᠤ ᠦᠢᠯᠡᠳᠪᠦᠷᠢᠯᠡᠯ ᠤᠨ ᠵᠠᠷᠤᠳᠠᠯ ᠢᠶᠠᠨ ᠪᠠᠭᠠᠰᠬᠠᠬᠤ ᠠᠷᠭ᠎ᠠ ᠵᠠᠮ ᠬᠠᠶᠢᠨ ᠰᠦᠪᠡᠭᠴᠢᠯᠡᠵᠦ ᠪᠠᠶᠢᠨ᠎ᠠ᠃
       ᠪᠦᠬᠡᠪᠢᠯᠢᠭ ᠤᠨ ᠬᠢᠨ ᠤ ᠲᠠᠭᠠᠭᠠᠴᠢᠯᠠᠭᠰᠠᠨ ᠨᠤᠳᠤᠭ 2000 ᠮᠦ ᠪᠠᠶᠢᠵᠤ᠂ ᠵᠢᠯ ᠳᠡᠭᠡᠨ ᠬᠠᠳᠤᠯᠠᠩ ᠤᠨ ᠤᠨᠠᠯᠳᠠ ᠴᠦ ᠠᠨᠠᠢ ᠪᠠᠶᠢᠳᠠᠭ᠃ ᠡᠶᠢᠨᠬᠦ ᠡᠳᠡᠨᠡᠶᠢᠬᠢᠨ ᠮᠠᠯᠵᠢᠬᠤ ᠦᠢᠯᠡᠳᠪᠦᠷᠢᠯᠡᠯ ᠤᠨ ᠵᠠᠷᠤᠳᠠᠯ ᠢᠶᠠᠨ ᠪᠠᠭᠠᠰᠬᠠᠬᠤ ᠠᠷᠭ᠎ᠠ ᠵᠠᠮ ᠬᠠᠶᠢᠨ ᠰᠦᠪᠡᠭᠴᠢᠯᠡᠵᠦ᠂ ᠴᠠᠭᠠᠨ ᠢᠳᠡᠭᠡ ᠪᠤᠷᠤᠯᠠᠭᠤᠯᠤᠨ ᠤᠷᠤᠯᠭ᠎ᠠ ᠪᠠᠨ ᠨᠡᠮᠡᠭᠳᠡᠭᠦᠯᠵᠦ ᠢᠷᠡᠵᠡᠢ᠃ ᠶᠡᠷᠦ ᠨᠢ ᠤᠷᠤᠯᠳᠤᠯᠭ᠎ᠠ ᠴᠢᠷᠮᠠᠶᠢᠯᠭ᠎ᠠ ᠲᠠᠢ ᠪᠦᠬᠡᠪᠢᠯᠢᠭ ᠰᠦᠯᠵᠢᠶᠡᠨ ᠲᠡᠭᠡᠷ᠎ᠡ ᠠᠴᠠ ᠤᠰᠤ ᠪᠠᠷ ᠡᠪᠡᠰᠦᠨ ᠲᠠᠷᠢᠮᠠᠯ ᠲᠠᠷᠢᠵᠦ ᠤᠷᠭᠤᠭᠤᠯᠵᠤ ᠪᠠᠶᠢᠬᠤ ᠶᠢ ᠦᠵᠡᠭᠡᠳ ᠬᠡᠰᠡᠭ ᠬᠤᠭᠤᠴᠠᠭ᠎ᠠ ᠠᠩᠬᠠᠷᠤᠨ ᠰᠤᠷᠤᠯᠴᠠᠭᠰᠠᠨ ᠤ ᠲᠠᠷᠠᠭ᠎ᠠ᠂ ᠡᠷᠢᠶᠡᠨ ᠬᠤᠳᠠ  ᠳᠤ ᠬᠦᠷᠴᠦ ᠤᠰᠤ ᠪᠠᠷ ᠪᠤᠶᠢᠵᠢᠭᠤᠯᠬᠤ ᠡᠪᠡᠰᠦᠨ ᠲᠠᠷᠢᠮᠠᠯ ᠤᠨ ᠬᠦᠷᠢᠶᠡᠯᠡᠩ ᠳᠤ ᠲᠤᠬᠠᠢ ᠶᠢᠨ ᠲᠠᠯᠠᠪᠠᠢ ᠲᠤᠨᠢ ᠲᠤᠭᠤᠷᠢᠨ ᠦᠵᠡᠵᠦ ᠲᠠᠷᠢᠵᠦ ᠤᠷᠭᠤᠭᠤᠯᠬᠤ ᠮᠡᠷᠭᠡᠵᠢᠯ ᠢ  ᠰᠤᠷᠤᠯᠴᠠᠪᠠ᠃
   ᠤᠰᠤ ᠪᠠᠷ ᠪᠤᠶᠢᠵᠢᠭᠤᠯᠬᠤ ᠡᠪᠡᠰᠦᠨ ᠲᠠᠷᠢᠮᠠᠯ ᠪᠤᠯ ᠨᠠᠷᠢᠮᠦ ᠪᠠᠷ ᠲᠦᠭᠦᠭᠡᠢ ᠮᠠᠲ᠋ᠧᠷᠢᠶᠠᠯ ᠪᠤᠯᠭᠠᠵᠦ ᠲᠠᠷᠢᠮᠠᠯ ᠡᠪᠡᠰᠦ ᠤᠷᠭᠤᠭᠤᠯᠵᠤ ᠪᠤᠶᠢᠵᠢᠭᠤᠯᠬᠤ ᠰᠢᠨ᠎ᠡ ᠮᠡᠷᠭᠡᠵᠢᠯ ᠤᠨ ᠠᠵᠤ ᠦᠢᠯᠡᠰ ᠪᠤᠯᠤᠨ᠎ᠠ᠃ ᠪᠦᠬᠡᠪᠢᠯᠢᠭ ᠬᠠᠷᠢᠵᠦ ᠢᠷᠡᠭᠰᠡᠨ ᠤ ᠪᠠᠨ ᠲᠠᠷᠠᠭ᠎ᠠ ᠲᠤᠷᠰᠢᠨ ᠲᠠᠷᠢᠵᠦ᠂ ᠤᠶᠢᠷ᠎ᠠ ᠳᠤ ᠮᠠᠯ ᠤᠨᠤᠭ᠎ᠠ ᠪᠠᠨ ᠡᠬᠢᠯᠡᠨ ᠲᠡᠵᠢᠭᠡᠵᠦ᠂ ᠦᠬᠡᠷ᠂ ᠢᠮᠠᠭ᠎ᠠ ᠲᠡᠵᠢᠭᠡᠬᠦ ᠳᠤ ᠨᠡᠯᠢᠶᠡᠳ ᠲᠤᠬᠢᠷᠠᠮᠵᠢᠳᠠᠢ ᠪᠠᠶᠢᠬᠤ ᠶᠢ ᠤᠶᠢᠯᠠᠭᠠᠭᠰᠠᠨ ᠤ ᠬᠠᠮᠳᠤ ᠲᠠᠷᠠᠭᠠᠴᠢ ᠪᠠᠷ ᠦᠷᠭᠡᠳᠬᠡᠨ ᠲᠠᠷᠢᠬᠤ ᠪᠠᠷ ᠲᠦᠯᠦᠪᠯᠡᠵᠦ ᠪᠠᠶᠢᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号