ᠨᠤᠮ ᠳᠤ ᠪᠠᠭ᠋ᠠᠳᠠᠢ ᠮᠠᠯᠴᠢᠨ — ᠰᠡᠴᠡᠨᠳᠤ
ᠨᠡᠶᠢᠲᠡᠯᠡᠭᠰᠡᠨ ᠴᠠᠭ᠄
2024/4/18
     ᠮᠤᠩᠭᠤᠯᠴᠤᠳ ᠮᠠᠨᠢ ᠡᠷᠳᠡ ᠲᠡᠭᠡᠷ᠎ᠡ ᠥᠶ᠎ᠡ ᠠᠴᠠ ᠪᠠᠨ ᠡᠷᠳᠡᠮ ᠮᠡᠳᠡᠯᠭᠡ ᠶᠢ ᠤᠶᠤᠨ ᠤ ᠲᠡᠭᠡᠳᠤ ᠬᠡᠮᠡᠨ ᠥᠵᠡᠵᠦ ᠨᠤᠮ ᠰᠤᠳᠤᠷ ᠢ ᠶᠡᠭᠡᠳᠡ ᠬᠥᠨᠳᠥᠳᠭᠡᠨ᠂ ︽ᠥᠪᠡᠷᠰᠡᠳ ᠢᠶᠠᠨ ᠬᠥᠳᠥᠰᠥ ᠨᠡᠬᠡᠢ ᠡᠮᠤᠰᠪᠡᠴᠥ ᠨᠤᠮ ᠢ ᠲᠤᠷᠭ᠎ᠠ ᠪᠠᠷ ᠪᠡᠷᠢᠨᠳᠠᠭᠯᠠᠵᠦ︾  ᠬᠥᠨᠳᠥᠳᠬᠡᠨ ᠲᠡᠭᠡᠳᠤᠯᠠᠵᠦ ᠬᠤᠷᠢᠶᠠᠨ ᠬᠠᠳᠠᠭᠠᠯᠠᠵᠦ ᠪᠠᠶᠢᠳᠠᠭ ᠪᠤᠯᠬᠤᠷ  ᠨᠤᠮ ᠬᠠᠳᠠᠭᠠᠯᠠᠭᠰᠠᠨ ᠮᠠᠯᠴᠢᠨ ᠤᠯᠠᠨ ᠪᠠᠶᠢᠳᠠᠭ ᠤᠨ ᠨᠢᠭᠡ ᠨᠢ ᠲᠠᠷᠤᠢ ᠪᠠᠷᠠᠭᠤᠨ ᠥᠵᠥᠮᠥᠴᠢᠨ ᠬᠤᠰᠢᠭᠤᠨ ᠤ ᠪᠠᠶᠠᠨᠬᠤᠸᠠ ᠪᠠᠯᠭᠠᠰᠤᠨ ᠤ ᠰᠠᠷᠠᠭᠤᠯᠪᠤᠯᠠᠭ ᠭᠠᠴᠠᠭᠠᠨ ᠤ ᠮᠠᠯᠴᠢᠨ᠂ ᠠᠬᠠᠮᠠᠳ ᠨᠠᠮ ᠤᠨ ᠭᠡᠰᠢᠭᠦᠨ ᠰᠡᠴᠠᠨᠳᠤ ᠪᠤᠯᠤᠨ᠎ᠠ᠃      ᠲᠠᠪᠢ ᠶᠢᠨ ᠲᠠᠪᠠᠭ᠎ᠠ ᠶᠢ ᠲᠠᠪᠠᠵᠦ ᠶᠠᠪᠤᠭ᠎ᠠ ᠮᠠᠯᠴᠢᠨ ᠰᠡᠴᠡᠨᠳᠤ ᠭᠤᠸᠠᠢ ᠤᠯᠠᠨ ᠵᠥᠢᠯ ᠤᠨ ᠰᠢᠯᠳᠠᠭᠠᠨ ᠠᠴᠠ ᠪᠤᠯᠵᠦ  ᠪᠠᠭ᠎ᠠ  ᠨᠠᠰᠤᠨ ᠳᠤ ᠪᠠᠨ ᠭᠤᠷᠪᠠᠭ᠋ᠠᠨ ᠵᠢᠯ ᠰᠤᠷᠭᠠᠭᠤᠯᠢ ᠳᠤ ᠰᠠᠭᠤᠵᠦ ᠲᠥᠩᠭᠡᠵᠢ ᠥᠰᠥᠭ ᠨᠢᠳᠤᠯᠡᠬᠦ ᠶᠢᠨ ᠴᠢᠨᠡᠭᠡ ᠲᠠᠢ ᠪᠤᠯᠤᠮᠠᠭᠴᠠ ᠰᠤᠷᠤᠯᠭ᠎ᠠ ᠪᠠᠨ ᠲᠤᠷᠭᠤᠨ ᠵᠤᠭᠰᠤᠵᠦ ᠮᠠᠯᠴᠢᠨ ᠵᠠᠶᠠᠭ᠎ᠠ ᠲᠥᠰᠢᠭᠰᠡᠨ ᠴᠤ ᠨᠤᠮ ᠪᠢᠴᠢᠭ ᠲᠤ ᠶᠠᠭᠠᠬᠢᠬᠤ ᠶᠢᠨ ᠠᠷᠭ᠎ᠠ ᠦᠭᠡᠢ ᠲᠤᠷ᠎ᠠ ᠪᠠᠭ᠋ᠠᠳᠠᠢ ᠨᠢᠭᠡᠨ ᠪᠠᠶᠢᠵᠦ᠂ ᠮᠠᠯ ᠤᠨ ᠪᠡᠯᠴᠢᠭᠡᠷ ᠲᠤ ᠰᠥᠷᠥᠭ ᠤᠨ ᠲᠡᠷᠭᠡᠳᠡ ᠥᠷᠭᠦᠯᠵᠢ ᠨᠤᠮ ᠲᠡᠪᠳᠡᠷ ᠤᠯᠳᠠᠬᠤ ᠶᠢᠨ ᠬᠢᠷᠢ ᠪᠠᠷ ᠤᠩᠰᠢᠵᠦ  ᠴᠢᠷᠮᠠᠶᠢᠨ ᠰᠤᠷᠤᠯᠴᠠᠭᠰᠠᠨ ᠠᠴᠠ ᠬᠡᠨ ᠠᠴᠠ ᠴᠦ ᠲᠤᠳᠠᠬᠤ ᠪᠠᠷ ᠦᠭᠡᠢ ᠪᠢᠴᠢᠭ ᠰᠤᠶᠤᠯ ᠲᠠᠢ ᠪᠤᠯᠤᠭᠰᠠᠨ ᠢᠶᠠᠷ ᠪᠠᠷᠠᠬᠤ ᠦᠭᠡᠢ᠂ ᠵᠥᠪᠬᠡᠨ ᠤᠩᠰᠢᠵᠦ ᠪᠠᠭ᠋ᠠᠷᠬᠠᠳᠠᠭ ᠪᠠᠶᠢᠭᠰᠠᠨ ᠠᠴᠠ ᠪᠠᠨ ᠪᠢᠴᠢᠵᠦ ᠵᠤᠬᠢᠶᠠᠨ ᠤᠷᠤᠯᠳᠤᠳᠠᠭ ᠪᠤᠯᠵᠦ᠂ ︽ᠥᠪᠥᠷ ᠮᠤᠩᠭᠤᠯ ᠤᠨ ᠵᠠᠯᠠᠭᠤᠴᠤᠳ︾᠂ ︽ᠰᠢᠨᠵᠢᠯᠡᠬᠦ ᠤᠠᠬᠠᠭᠠᠨ᠂ ᠠᠮᠢᠳᠤᠷᠠᠯ︾᠂ ︽ᠤᠷᠤᠭ ᠬᠡᠷ ᠪᠥᠯᠢ ᠨᠡᠶᠢᠭᠡᠮ︾  ᠵᠡᠷᠭᠡ ᠰᠤᠨᠢᠨ ᠰᠡᠳᠭᠦᠯ ᠢᠶᠠᠷ ᠰᠢᠯᠥᠭ ᠨᠠᠶᠢᠷᠠᠭᠤᠯᠤᠯ ᠢᠶᠠᠨ ᠨᠡᠶᠢᠳᠡᠯᠡᠬᠦᠯᠵᠦ ᠶᠠᠪᠤᠭᠰᠠᠨ ᠪᠥᠭᠡᠳ ᠵᠠᠷᠢᠮ ᠪᠥᠳᠥᠭᠡᠯ ᠨᠢ ᠤᠷᠤᠨ ᠠᠶᠢᠮᠠᠭ ᠤᠨ ᠤᠷᠠᠨ ᠪᠥᠳᠥᠭᠡᠯ ᠤᠨ ᠤᠷᠤᠯᠳᠤᠭᠠᠨ ᠳᠤ ᠲᠡᠭᠡᠭᠦᠷ ᠪᠠᠶᠢᠷᠢᠨ ᠳᠤ ᠲᠤᠳᠤᠷᠠᠵᠦ ᠱᠠᠩᠨᠠᠯ ᠬᠥᠬᠢᠭᠦᠯᠥᠯ ᠢᠶᠠᠷ ᠮᠢᠯᠢᠶᠠᠯᠭᠠᠵᠦ᠂ ᠵᠠᠷᠢᠮ ᠪᠥᠳᠥᠭᠡᠯ ᠨᠢ ︽ᠰᠤᠯᠤᠩᠭᠠᠨ ᠬᠠᠳᠠᠭ︾᠂ ︽ᠥᠵᠥᠮᠥᠴᠢᠨ ᠨᠤᠳᠤᠭ ᠤᠨ ᠠᠳᠤᠭᠤᠴᠢᠳ︾ ᠵᠡᠷᠭᠡ ᠨᠤᠮ ᠳᠤ ᠲᠡᠭᠦᠪᠥᠷᠢᠯᠡᠭᠳᠡᠨ ᠤᠷᠤᠵᠠᠢ᠃ ᠨᠡᠩ ᠲᠤᠷᠠᠳᠤᠭᠤᠰᠢᠳᠠᠢ ᠨᠢ ᠲᠡᠭᠦᠨ ᠤ ᠪᠢᠴᠢᠭᠰᠡᠨ ︽ᠲᠠᠨ ᠳᠤ ᠥᠢᠯᠡᠴᠢᠯᠡᠬᠦ ᠵᠤᠭᠤᠭ ᠤᠨ ᠥᠷᠥᠭᠡ︾ ᠬᠡᠮᠡᠬᠦ ᠲᠠᠭᠤᠤ  ᠶᠢᠨ ᠰᠢᠯᠥᠭ ᠨᠢ ᠥᠪᠥᠷ ᠮᠤᠩᠭᠤᠯ ᠤᠨ ᠷᠠᠳᠢᠤ᠋ ᠨᠡᠪᠳᠡᠷᠡᠭᠦᠯᠭᠡ ᠶᠢᠨ ᠬᠤᠷᠢᠶᠠᠨ ᠤ ︽ᠲᠠᠨ ᠳᠤ ᠥᠢᠯᠡᠴᠢᠯᠡᠬᠦ ᠵᠤᠭᠤᠭ ᠰᠢᠭᠤᠳ ᠨᠡᠪᠳᠡᠷᠡᠭᠦᠯᠭᠡ︾ ᠶᠢᠨ ᠭᠤᠤᠯ ᠲᠠᠭᠤᠤ ᠪᠠᠷ ᠰᠤᠩᠭᠤᠭᠳᠠᠵᠦ᠂ ᠤᠯᠠᠨ ᠵᠢᠯ ᠤᠨ ᠲᠤᠷᠰᠢ ᠷᠠᠳᠢᠤ᠋ ᠶᠢᠨ ᠴᠡᠩᠬᠡᠷ ᠲᠤᠯᠬᠢᠶᠠᠨ ᠢᠶᠠᠷ ᠲᠠᠮᠵᠢᠵᠦ ᠰᠤᠨᠤᠰᠤᠭᠴᠢ ᠲᠥᠮᠡᠨ ᠤ ᠰᠤᠨᠤᠷ ᠢ ᠪᠠᠶᠠᠰᠬᠠᠵᠦ ᠢᠷᠡᠭᠰᠡᠨ ᠪᠢᠯᠡ᠃      ᠤᠯᠠᠨ ᠵᠢᠯ ᠤᠨ ᠲᠤᠷᠰᠢ ᠨᠤᠮ ᠪᠢᠴᠢᠭ ᠲᠠᠢ ᠨᠥᠭᠦᠷᠯᠠᠵᠦ ᠢᠷᠡᠭᠰᠡᠨ ᠰᠡᠴᠠᠨᠳᠤ ᠭᠤᠸᠠᠢ ᠨᠤᠮ ᠪᠢᠴᠢᠭ ᠬᠤᠷᠢᠶᠠᠨ ᠬᠠᠳᠠᠭᠠᠯᠠᠬᠤ ᠲᠠᠳᠬᠠᠯ ᠲᠠᠢ ᠪᠤᠯᠤᠭᠰᠠᠨ ᠢᠶᠠᠷ ᠲᠡᠤᠬᠡ᠂ ᠵᠠᠩ ᠥᠢᠯᠡ᠂ ᠤᠷᠠᠨ ᠵᠤᠬᠢᠶᠠᠯ ᠵᠡᠷᠭᠡ ᠤᠯᠠᠨ ᠰᠧᠲᠯᠢ ᠶᠢᠨ ᠬᠡᠳᠤᠨ ᠮᠢᠩᠭᠠᠨ ᠲᠡᠪᠳᠡᠷ ᠨᠤᠮ ᠪᠢᠴᠢᠭ ᠬᠤᠷᠢᠶᠠᠨ ᠬᠠᠳᠠᠭᠠᠯᠠᠵᠦ ᠪᠠᠶᠢᠬᠤ ᠪᠥᠭᠡᠳ ᠴᠠᠭᠠᠨ ᠰᠠᠷ᠎ᠠ ᠵᠡᠷᠭᠡ ᠪᠠᠶᠠᠷ ᠲᠤᠷᠠᠰᠬᠠᠯ  ᠤᠨ ᠡᠳᠤᠷ ᠪᠤᠯᠤᠭᠰᠠᠭᠠᠷ ᠤᠯᠠᠨ ᠰᠠᠶᠢᠬᠠᠨ ᠨᠤᠮ ᠲᠡᠪᠳᠡᠷ ᠪᠡᠯᠡᠳᠭᠡᠵᠦ ᠨᠤᠳᠤᠭ ᠤᠰᠤᠨ ᠤ ᠪᠠᠨ ᠬᠡᠤᠭᠡᠳ ᠲᠡᠭᠦᠤᠨᠠᠷ ᠲᠤ  ᠪᠠᠨ ᠪᠡᠯᠡᠭᠯᠡᠵᠦ ᠲᠡᠳᠡᠨ ᠢ ᠨᠤᠮ ᠪᠢᠴᠢᠭ ᠢᠯᠡᠭᠦᠬᠡᠨ ᠤᠩᠰᠢᠬᠤ ᠶᠢ ᠤᠷᠢᠶᠠᠯᠠᠨ ᠵᠤᠷᠢᠭᠵᠢᠭᠤᠯᠵᠦ ᠢᠷᠡᠭᠰᠡᠨ ᠢᠶᠠᠷ ᠤᠳᠤ ᠨᠤᠳᠤᠭ ᠤᠰᠤᠨ ᠳᠤ ᠨᠢ ᠨᠤᠮ ᠳᠤ ᠪᠠᠭ᠋ᠠᠳᠠᠢ ᠮᠠᠯᠴᠢᠨ ᠵᠠᠯᠠᠭᠤᠰ  ᠤᠯᠠᠮ ᠠᠴᠠ ᠤᠯᠠᠮ ᠤᠯᠠᠰᠢᠷᠠᠵᠦ ᠪᠠᠶᠢᠨ᠎ᠠ᠃    
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号