ᠤᠴᠢᠷ ᠲᠠᠢ ᠰᠠᠶᠢᠬᠠᠨ ᠰᠢᠨ᠎ᠠ ᠶᠢᠨ ᠵᠤᠯᠭᠠᠯᠳᠠ | | ᠬᠠᠪᠤᠷ ᠤᠨ ᠤᠯᠠᠷᠢᠯ ᠤᠨ ᠰᠢᠨ᠎ᠡ ᠰᠤᠷᠤᠯᠭ᠎ᠠ ᠶᠢᠨ ᠬᠤᠭᠤᠴᠠᠭ᠎ᠠ ᠡᠭᠢᠯᠡᠭᠰᠡᠨ 3 ᠰᠠᠷ᠎ᠠ ᠶᠢᠨ 1 ᠤ ᠡᠳᠦᠷ ᠲᠠᠷᠤᠢ | ᠭᠦᠭᠡ ᠯᠤᠤ ᠵᠢᠯ ᠤᠨ ᠴᠠᠭᠠᠨ ᠰᠠᠷ᠎ᠠ ᠶᠢᠨ ᠬᠤᠷᠢᠨ ᠨᠢᠭᠡᠨ ᠤ ᠦᠳᠡ ᠶᠢᠨ ᠬᠤᠶᠢᠨ᠎ᠠ ᠂ ᠪᠠᠷᠠᠭᠤᠨ ᠦᠵᠦᠮᠦᠴᠢᠨ | ᠬᠤᠰᠢᠭᠤᠨ ᠤ ᠨᠢᠭᠡᠳᠦᠭᠡᠷ ᠪᠠᠭ᠎ᠠ ᠰᠤᠷᠭᠠᠭᠤᠯᠢ ᠶᠢᠨ ᠲᠠᠪᠤᠨ ᠤᠨ ᠤ ᠭᠤᠷᠪᠠ ᠠᠩᠭᠢ ᠶᠢᠨ ᠪᠠᠭᠰᠢ ᠰᠤᠷᠤᠬᠴᠢᠳ | ᠪᠤᠯᠤᠨ ᠪᠠᠷᠠᠭᠤᠨ ᠦᠵᠦᠮᠦᠴᠢᠨ ᠬᠤᠰᠢᠭᠤᠨ ᠤ ︿︿ᠡᠨᠡᠷᠢᠩᠭᠦᠢ ᠠᠨᠢᠶ᠎ᠠ﹀﹀ ᠪᠦᠯᠭᠦᠮ ᠤᠨ ᠭᠡᠰᠢᠭᠦᠳ ᠬᠠᠮᠳᠦ ᠪᠠᠷ | ᠰᠢᠨ᠎ᠡ ᠶᠢᠨ ᠵᠤᠯᠭᠠᠯᠳᠠ ᠭᠢᠪᠡ ᠃ | | | | ᠠᠯᠢᠶ᠎ᠠ ᠭᠦᠭᠡᠷᠦᠭᠦᠨ ᠬᠡᠤᠬᠡᠳ ᠪᠠᠭᠠᠴᠤᠳ ᠦᠡᠭᠭᠡ ᠢᠯᠭᠠᠷᠠᠬᠰᠠᠨ ᠲᠡᠪᠡᠯ ᠲᠡᠷᠯᠢᠭ ᠢᠶᠠᠷ ᠢᠶᠠᠨ ᠭᠤᠶᠤᠯᠠᠵᠦ᠂ | ᠠᠯᠳᠠ ᠴᠡᠩᠭᠡᠷ ᠬᠠᠳᠠᠭ ᠢᠶᠠᠨ ᠡᠷᠭᠦᠨ ᠠᠨᠢᠶ᠎ᠠ ᠨᠠᠷ ᠲᠠᠢ ᠪᠠᠨ᠄ ︿︿ᠰᠠᠶᠢᠨ ᠪᠠᠶᠢᠨᠠᠤ︖ ᠰᠠᠶᠢᠬᠠᠨ ᠰᠢᠨᠡᠯᠡᠪᠡᠤ︖ | ﹀﹀ ᠭᠡᠵᠦ ᠠᠮᠤᠷ ᠡᠷᠡᠨ ᠵᠤᠯᠭᠠᠵᠦ᠂ ᠠᠬᠠᠮᠠᠳ ᠨᠠᠰᠤᠳᠠᠳ ᠢᠶᠠᠨ ᠭᠦᠨᠳᠦᠳᠭᠡᠨ ᠪᠢᠰᠢᠷᠡᠵᠦ ᠪᠠᠶᠢᠭ᠎ᠠ ᠰᠡᠳᠭᠢᠯ | ᠢᠶᠠᠨ ᠢᠯᠡᠳᠭᠡᠪᠡ᠃ | ᠵᠤᠯᠭᠠᠯᠳᠠ ᠲᠡᠭᠡᠷ᠎ᠡ ︿︿ᠡᠨᠡᠷᠢᠩᠭᠦᠢ ᠠᠨᠢᠶ᠎ᠠ﹀﹀ ᠪᠦᠯᠭᠦᠮ ᠤᠨ ᠭᠡᠰᠢᠭᠦᠳ ᠤᠨ 2 ᠰᠤᠷᠤᠬᠴᠢ ᠶᠢ ᠨᠢᠭᠡ ᠤᠨ | ᠠᠴᠠ ᠨᠢ ᠲᠠᠪᠤ ᠤᠨ ᠲᠡᠭᠦᠰᠳᠡᠯ᠎ᠠ ᠬᠤᠭᠤᠴᠠᠭ᠎ᠠ ᠪᠦᠷᠢ ᠰᠤᠷᠤᠬᠴᠢ ᠪᠦᠷᠢ ᠳᠤ 1300 ᠲᠦᠭᠦᠷᠢᠭ ᠬᠠᠪᠰᠤᠷᠤᠨ | ᠲᠤᠰᠠᠯᠠᠬᠤ ᠠᠵᠢᠯᠯᠠᠭ᠎ᠠ ᠨᠢ ᠵᠤᠷᠰᠢᠯ ᠶᠤᠰᠤᠭᠠᠷ ᠢᠶᠠᠨ ᠶᠠᠪᠤᠬᠳᠠᠵᠦ᠂ ᠪᠠᠰᠠ ᠠᠶᠠᠰ ᠠᠨᠵᠢᠯ ᠵᠡᠷᠭᠡ13 ᠰᠢᠯᠢᠳᠡᠭ | ᠰᠤᠷᠤᠬᠴᠢ ᠶᠢ ᠭᠦᠮᠦᠨ ᠪᠦᠷᠢ ᠶᠢ ᠢᠷᠡᠭᠤ ᠠᠯᠳᠡᠷ ᠤᠨ ᠦᠨᠡᠮᠯᠡᠯ ᠂ ᠠᠷᠠᠳ ᠤᠨ ᠵᠤᠭᠤᠰ 200 ᠲᠦᠭᠦᠷᠢᠭ | ᠪᠤᠯᠤᠨ ᠪᠢᠴᠢᠭ ᠤᠨ ᠭᠡᠷᠡᠭᠰᠡᠯ ᠢᠶᠠᠷ ᠱᠠᠩᠨᠠᠨ ᠂ ᠭᠢᠴᠢᠶᠡᠯ ᠰᠤᠷᠤᠯᠭ᠎ᠠ ᠳᠠᠭᠠᠨ ᠴᠢᠷᠮᠠᠶᠢᠯᠳᠠ ᠲᠠᠢ ᠡᠨᠡᠷᠢᠯ ᠮᠠᠠᠳᠠᠷᠸᠡ | ᠵᠡᠷᠭᠡ 4 ᠰᠤᠷᠤᠬᠴᠢ ᠶᠢ ᠭᠦᠮᠦᠨ ᠪᠦᠷᠢ ᠶᠢ ᠢᠷᠡᠭᠤ ᠠᠯᠳᠡᠷ ᠤᠨ ᠦᠨᠡᠮᠯᠡᠯ ᠂ ᠠᠷᠠᠳ ᠤᠨ ᠵᠤᠭᠤᠰ 200 | ᠲᠦᠭᠦᠷᠢᠭ ᠪᠤᠯᠤᠨ ᠪᠢᠴᠢᠭ ᠤᠨ ᠭᠡᠷᠡᠭᠰᠡᠯ ᠢᠶᠠᠷ ᠱᠠᠩᠨᠠᠨ ᠵᠤᠷᠢᠬᠵᠢᠭᠤᠯᠵᠤ᠂ ᠰᠢᠨ᠎ᠡ ᠨᠢᠭᠡᠨ ᠵᠢᠯ ᠳᠤ ᠪᠠᠨ ᠭᠢᠴᠢᠶᠡᠯ | ᠰᠤᠷᠤᠯᠭ᠎ᠠ ᠳᠠᠭᠠᠨ ᠨᠡᠩ ᠰᠠᠶᠢᠨ ᠠᠮᠵᠢᠯᠳᠠ ᠭᠠᠷᠭᠠᠨ ᠠᠩᠬ᠎ᠠ ᠲᠤᠮᠳᠠᠳᠦ ᠳᠤ ᠲᠠᠪᠰᠢᠨ ᠤᠷᠤᠬᠤ ᠶᠢ ᠨᠢ ᠵᠦᠡᠭᠨᠠᠨ | ᠢᠷᠦᠭᠡᠪᠡ᠃ | | | | | | ᠠᠬᠤᠢ ᠲᠠᠯᠠᠪᠠᠢ ᠳᠤ ᠪᠠᠰᠠ ᠠᠨᠢᠶ᠎ᠠ ᠨᠠᠷ ᠠᠴᠠ ᠰᠤᠷᠤᠬᠴᠢᠳ ᠲᠤ ᠲᠡᠮᠳᠡᠭᠯᠡᠯ ᠤᠨ ᠲᠡᠪᠳᠡᠷ ᠂ ᠪᠢᠷ ᠵᠡᠷᠭᠡ | ᠰᠢᠨ᠎ᠡ ᠶᠢᠨ ᠪᠡᠯᠡᠭ ᠭᠠᠷᠳᠠᠭᠤᠯᠪᠠ ᠃ | ᠰᠤᠷᠤᠬᠴᠢᠳ ᠠᠴᠠ ︿︿ᠡᠨᠡᠷᠢᠩᠭᠦᠢ ᠠᠨᠢᠶ᠎ᠠ﹀﹀ ᠪᠦᠯᠭᠦᠮ ᠤᠨ ᠪᠦᠭᠦ ᠠᠨᠢᠶ᠎ᠠ ᠨᠡᠷ ᠲᠤ ᠪᠠᠨ ᠪᠠᠭᠠᠴᠤᠳ ᠤᠨ | ᠬᠤᠰᠢᠭᠤᠴᠢ ᠠᠩᠭᠢ ᠶᠢᠨ ᠶᠤᠰᠤ ᠪᠠᠨ ᠭᠢᠵᠦ᠂ ᠬᠤᠰᠢᠭᠤᠴᠢ ᠠᠩᠭᠢ ᠶᠢᠨ ᠲᠠᠭᠤᠤ ᠵᠡᠷᠭᠡ ᠲᠠᠭᠤᠤ ᠪᠠᠷ ᠢᠶᠠᠨ ᠲᠡᠳᠡ | ᠨᠠᠷ ᠤᠨ ᠬᠤᠶᠢᠴᠢ ᠦᠶ᠎ᠠ ᠶᠢᠨ ᠬᠢᠨ ᠢᠶᠠᠨ ᠪᠠᠶᠢᠡᠭᠭᠤ ᠬᠠᠯᠠᠮᠵᠢᠯᠠᠨ ᠬᠠᠶᠢᠷᠠᠯᠠᠵᠦ ᠬᠠᠪᠰᠤᠷᠤᠨ ᠲᠡᠮᠵᠢᠵᠦ ᠪᠠᠶᠢᠭ᠎ᠠ | ᠳᠤ ᠨᠢ ᠪᠠᠶᠠᠷᠯᠠᠨ ᠲᠠᠯᠠᠷᠬᠠᠵᠦ ᠪᠠᠶᠢᠭ᠎ᠠ ᠰᠡᠳᠭᠢᠯ ᠢᠶᠠᠨ ᠢᠯᠡᠳᠭᠡᠪᠡ᠃ | |