ᠲᠥᠯ ᠤᠨ ᠳᠠᠭᠤᠨ ᠲᠠᠢ ᠣᠶᠠᠬᠠᠨ ᠬᠠᠪᠣᠷ
ᠨᠡᠶᠢᠲᠡᠯᠡᠭᠰᠡᠨ ᠴᠠᠭ᠄
2024/3/4
                                ︽ᠮᠥᠩᠬᠡ ᠲᠡᠭᠷᠢ ᠶᠢᠨ ᠳᠣᠣᠷ᠎ᠠ ᠮᠢᠩᠭᠠᠨ ᠮᠢᠩᠭᠠᠨ ᠬᠠᠪᠣᠷ᠂ ᠮᠤᠩᠭᠤᠯ ᠤᠨ ᠰᠠᠶᠢᠬᠠᠨ ᠣᠷᠣᠨ ᠳᠤ ᠵᠢᠯ ᠵᠢᠯ ᠳᠡᠯᠭᠡᠷ︾  ᠭᠡᠳᠡᠭᠴᠢᠯᠡᠨ ᠬᠠᠪᠣᠷ ᠤᠨ ᠠᠭᠤᠷ ᠬᠠᠶᠠᠭᠠᠨ ᠳᠤ ᠰᠠᠭᠠᠲᠠᠵᠣ᠂  ᠮᠠᠯᠴᠢᠳ ᠤᠨ ᠲᠥᠯ ᠲᠣᠰᠬᠤ ᠶᠠᠭᠠᠷᠠᠯᠲᠠᠢ ᠴᠠᠭ ᠪᠣᠯᠵᠣ᠂  ᠨᠢᠯᠬ᠎ᠠ ᠲᠥᠯ ᠤᠨ ᠲᠠᠭᠤᠨ ᠠᠮᠢᠵᠢᠷᠠᠯ  ᠪᠡᠯᠭᠡᠯᠡᠵᠤ  ᠂ ᠠᠵᠢᠯᠴᠢ ᠪᠣᠷᠣᠭᠵᠢᠭᠤᠨ ᠮᠠᠯᠴᠢᠳ ᠲᠤ ᠮᠠᠯᠵᠢᠯ  ᠤᠨ ᠪᠠᠶᠠᠷ ᠪᠠᠭ᠋ᠠᠳᠣᠯ ᠪᠠᠯᠬᠡᠯᠡᠭᠰᠠᠨ ᠪᠠᠶᠢᠨ᠎ᠠ᠃      2 ᠰᠠᠷ᠎ᠠ ᠶᠢᠨ 28 ᠤ ᠡᠳᠦᠷ᠂ ᠰᠣᠷᠪᠣᠯᠵᠢᠯᠠᠭᠴᠢ ᠪᠠᠷᠠᠭᠤᠨ ᠦᠵᠦᠮᠦᠴᠢᠨ ᠬᠤᠰᠢᠭᠤᠨ ᠤ ᠪᠠᠶᠠᠨᠬᠤᠰᠢᠭᠤ ᠰᠣᠮᠣᠨ  ᠤ ᠰᠣᠩᠭᠢᠨ᠎ᠠ ᠭᠠᠴᠠᠭᠠᠨ ᠤ ᠮᠠᠯᠴᠢᠨ ᠮᠥᠩᠬᠡᠳᠡᠯᠠᠢ ᠶᠢᠨ ᠳᠤ ᠬᠦᠷᠬᠦ ᠳᠤ᠂  ᠡᠳᠡᠨᠡᠶᠢᠬᠡᠨ ᠨᠢ  ᠲᠥᠯ ᠢᠶᠠᠨ ᠲᠣᠰᠴᠤ ᠶᠠᠭᠠᠷᠠᠭᠤᠬᠠᠨ ᠪᠠᠶᠢᠯ᠎ᠠ᠃  ᠮᠠᠯᠴᠢᠨ ᠠᠶᠢᠯ ᠤᠨ ᠬᠤᠲᠠᠨ ᠠᠴᠠ ᠬᠠᠩᠭᠢᠨᠠᠬᠤ ᠲᠥᠯ ᠤᠨ ᠳᠠᠭᠤᠨ ᠨᠢ᠂ ᠬᠠᠬᠢᠷ ᠡᠪᠦᠯ   ᠤᠨ ᠬᠥᠥᠷ ᠴᠠᠰᠣ ᠶᠢ ᠣᠶᠠᠰᠬᠠᠵᠤ᠂ ᠣᠷᠢᠨ ᠴᠠᠭ ᠤᠨ ᠥᠩᠭᠡ ᠶᠢ ᠳᠠᠭᠤᠳᠠᠨ ᠰᠡᠷᠭᠦᠭᠡᠨ᠎ᠡ᠃  ᠫᠧᠩ ᠬᠤᠷᠢᠶ᠎ᠠ᠂ ᠣᠷᠣᠨ ᠰᠠᠭᠤᠴᠠ ᠶᠢᠨ ᠴᠡᠪᠡᠷ ᠳᠣᠬᠢᠯᠠᠭ ᠠᠴᠠ ᠠᠵᠢᠯᠴᠢ ᠠᠶᠢᠯ ᠤᠨ ᠠᠷᠢᠭᠤᠨ ᠬᠥᠳᠡᠯᠮᠦᠷᠢ ᠶᠠᠭᠠᠬᠢᠬᠤ ᠠᠷᠭ᠎ᠠ ᠦᠭᠡᠢ ᠬᠠᠷᠠᠭᠳᠠᠨ᠎ᠠ᠃  ᠮᠥᠩᠬᠡᠳᠠᠯᠠᠢ ᠶᠢᠨ ᠬᠢᠨ 500 ᠭᠠᠷᠣᠢ ᠦᠵᠦᠮᠦᠴᠢᠨ ᠬᠤᠨᠢ ᠲᠠᠢ  ᠂ ᠴᠤᠯ ᠦᠵᠦᠮᠦᠴᠢᠨ ᠬᠤᠨᠢ ᠮᠠᠯᠵᠢᠵᠤ ᠪᠠᠶᠢᠭ᠎ᠠ ᠠᠶᠢᠯ ᠶᠤᠮ᠃ 2009 ᠣᠨ ᠠᠴᠠ ᠡᠬᠢᠯᠡᠨ ᠦᠵᠦᠮᠦᠴᠢᠨ ᠬᠤᠴᠠ ᠮᠠᠯᠵᠢᠵᠤ᠂  ᠦᠵᠦᠮᠦᠴᠢᠨ ᠬᠤᠨᠢᠨ ᠤ ᠡᠭᠦᠯᠳᠡᠷ ᠣᠭᠰᠠᠭ᠎ᠠ ᠶᠢ ᠨᠡᠩ ᠰᠢᠯᠢᠳᠡᠭᠵᠢᠭᠦᠯᠦᠨ᠂ ᠬᠤᠰᠢᠭᠤ ᠲᠠᠰ ᠤᠨ ᠦᠵᠦᠮᠦᠴᠢᠨ ᠬᠤᠨᠢᠨ ᠤ ᠥᠷᠭᠡᠳᠬᠡᠨ ᠦᠷᠡᠵᠢᠭᠦᠯᠬᠦ ᠲᠠᠯᠠᠪᠠᠢ  ᠪᠤᠯᠤᠭᠰᠠᠨ ᠪᠠᠶᠢᠨ᠎ᠠ᠃      ᠮᠠᠯᠴᠢᠨ ᠣᠳᠣᠮ ᠠᠴᠠ ᠵᠠᠶᠠᠭᠠᠭᠰᠠᠨ ᠬᠠᠰᠢᠷ ᠳᠣᠷᠰᠢᠯᠭ᠎ᠠ ᠲᠠᠢ ᠮᠥᠩᠬᠡᠳᠠᠯᠠᠢ ᠨᠢᠳᠣᠨᠣᠨ ᠨᠠᠮᠣᠷ ᠠᠴᠠ ᠡᠬᠢᠯᠡᠨ ᠪᠡᠯᠡᠳᠬᠡᠯ ᠬᠢᠵᠤ᠂170 ᠳᠣᠨ ᠡᠪᠡᠰᠦ᠂25 ᠳᠣᠨ  ᠪᠣᠷᠳᠤᠭ᠎ᠠ ᠨᠦᠬᠡᠴᠠᠯᠠᠨ᠂ ᠡᠪᠦᠯ ᠬᠠᠪᠣᠷ ᠤᠨ ᠲᠡᠵᠢᠭᠡᠯ ᠪᠣᠷᠳᠤᠭ᠎ᠠ  ᠪᠠᠨ ᠬᠦᠢᠴᠡᠳ  ᠪᠡᠯᠡᠳᠭᠡᠭᠰᠡᠨ ᠢᠶᠠᠷ ᠡᠬᠡ ᠮᠠᠯ ᠨᠢ ᠲᠠᠷᠭᠤ ᠬᠦᠴᠦ ᠨᠢ ᠰᠠᠶᠢᠨ᠂ ᠬᠤᠷᠠᠭ᠎ᠠ ᠨᠢ ᠣᠨᠳᠣᠷᠣᠯᠲᠠ ᠰᠠᠶᠢᠨ  ᠪᠠᠶᠢᠯ᠎ᠠ᠃  ᠡᠳᠡᠨᠡᠶᠢᠬᠡᠨ ᠬᠤᠶᠠᠷ ᠰᠠᠷ᠎ᠠ ᠶᠢᠨ ᠰᠢᠨᠡᠳ   ᠢᠶᠠᠷ ᠡᠬᠢᠯᠡᠨ ᠲᠥᠯ ᠪᠠᠨ ᠲᠣᠰᠴᠣ᠂ ᠣᠳᠣ 350 ᠭᠠᠷᠣᠢ ᠡᠬᠡ ᠮᠠᠯ ᠠᠴᠠ 300 ᠲᠥᠯ ᠳᠣᠰᠣᠭᠠᠳ᠂ ᠲᠥᠯ ᠲᠤᠰᠬᠤ ᠠᠵᠢᠯ ᠰᠢᠪᠲᠤᠷᠭᠠᠨ ᠳᠤ ᠪᠠᠨ ᠣᠷᠣᠭᠰᠠᠨ ᠪᠠᠶᠢᠯ᠎ᠠ᠃      ᠳᠠᠷᠠᠭᠠᠴᠢ ᠶᠢᠨ ᠠᠯᠬᠤᠮ ᠳᠤ᠂ ᠮᠥᠩᠬᠡᠳᠠᠯᠠᠢ ᠶᠢᠨ ᠬᠢᠨ ᠦᠵᠦᠮᠦᠴᠢᠨ ᠬᠤᠨᠢ ᠶᠢ ᠥᠷᠭᠦᠯᠵᠢᠯᠡᠨ ᠡᠭᠦᠯᠳᠠᠷ ᠰᠢᠯᠢᠳᠡᠭᠵᠢᠬᠦᠯᠦᠨ᠂  ᠮᠠᠯ ᠪᠡᠯᠴᠢᠭᠡᠷ ᠢ ᠲᠡᠩᠴᠡᠭᠦᠷᠢᠲᠠᠢ ᠪᠠᠶᠢᠯᠭᠠᠵᠤ᠂ ᠬᠤᠨᠢᠨ ᠤ ᠡᠭᠦᠯᠳᠡᠷ ᠤᠨ ᠶᠠᠰᠣ ᠴᠢᠨᠠᠷ ᠪᠠᠨ ᠪᠠᠲᠣᠯᠠᠨ᠂ ᠦᠵᠦᠮᠦᠴᠢᠨ ᠬᠤᠨᠢ ᠶᠢ ᠴᠡᠪᠡᠷᠰᠢᠭᠦᠯᠦᠨ ᠰᠠᠶᠢᠵᠢᠷᠠᠭᠤᠯᠬᠤ ᠠᠵᠢᠯ ᠢ ᠰᠠᠶᠢᠲᠣᠷ ᠬᠢᠬᠦ ᠪᠠᠷ ᠪᠤᠢ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号