ᠱᠠᠭ᠎ᠠ ᠶᠢᠨ ᠴᠡᠭᠡᠷ ᠶᠣᠰᠣᠨ
ᠨᠡᠶᠢᠲᠡᠯᠡᠭᠰᠡᠨ ᠴᠠᠭ᠄
2024/3/27
      ᠨᠢᠭᠡ  ᠄  ᠬᠤᠨᠢ᠂ ᠢᠮᠠᠭ᠎ᠠ᠂ ᠠᠳᠤᠭᠤ᠂ ᠦᠬᠡᠷ᠂ ᠲᠡᠮᠡᠭᠡ᠂ ᠵᠡᠭᠡᠷ᠎ᠡ᠂ ᠭᠥᠷᠥᠭᠡᠰᠦ᠂ ᠠᠷᠭᠠᠯᠢ᠂ ᠶᠠᠩᠭᠢᠷ᠂  ᠪᠤᠭᠤ᠂   ᠶᠢᠨ‌ᠱᠠᠭ᠎ᠠ ᠶᠢ ᠭᠠᠯ ᠳᠤ ᠰᠢᠲᠠᠭᠠᠬᠤ ᠶᠢ ᠴᠡᠭᠡᠷᠯᠡᠨ᠎ᠡ᠃             ᠬᠤᠶᠠᠷ᠄ ᠲᠠᠪᠤᠨ  ᠬᠤᠰᠢᠭᠤ  ᠮᠠᠯ   ᠤᠨ ᠱᠠᠭ᠎ᠠ ᠶᠢ ᠨᠣᠬᠠᠢ ᠠᠩ ᠠᠮᠢᠲᠠᠨ ᠳᠤ ᠥᠭᠬᠦ ᠶᠢ ᠣᠨᠴᠠ ᠴᠡᠭᠡᠷᠯᠡᠨ᠎ᠡ᠂ ᠪᠤᠶᠠᠨ ᠬᠡᠰᠢᠭ ᠬᠠᠵᠠᠶᠢᠨ᠎ᠠ ᠭᠡᠳᠡᠭ᠃             ᠭᠤᠷᠪᠠ᠄ ᠮᠠᠯ ᠤᠨ ᠱᠠᠭ᠎ᠠ᠂ ᠵᠡᠭᠡᠷ᠎ᠡ ᠠᠷᠢᠶᠠᠲᠠᠨ ᠤ ᠱᠠᠭ᠎ᠠ ᠶᠢ ᠨᠡᠭᠦᠬᠦ ᠨᠤᠲᠤᠭ ᠳᠡᠭᠡᠷ᠎ᠡ ᠪᠠᠨ ᠤᠷᠭᠢᠵᠤ   ᠭᠡᠭᠡᠬᠦ   ᠶᠢ‌ᠴᠡᠭᠡᠷᠯᠡᠨ᠎ᠡ᠂ ᠭᠠᠢ ᠪᠠᠷᠴᠢᠳ ᠲᠣᠬᠢᠶᠠᠯᠳᠤᠨ᠎ᠠ ᠭᠡᠳᠡᠭ᠃             ᠳᠥᠷᠪᠡ᠄ ᠨᠠᠰᠤ ᠪᠠᠷᠠᠭᠰᠠᠨ ᠠᠶᠢᠯ ᠤᠨ ᠬᠥᠮᠥᠰ ᠳᠦᠷᠤᠯ ᠰᠠᠳᠤᠨ ᠨᠢ ︽ᠵᠠᠭᠤ ᠬᠤᠨᠤᠭ ᠢᠶᠠᠨ ᠬᠤᠷᠢᠶᠠᠬᠤ︾   ᠠᠴᠠ‌ᠡᠮᠦᠨ᠎ᠡ ᠱᠠᠭ᠎ᠠ ᠨᠠᠭᠠᠳᠤᠮ ᠳᠤ ᠣᠷᠤᠯᠴᠠᠬᠤ ᠶᠢ ᠴᠡᠭᠡᠷᠯᠡᠨ᠎ᠡ᠃             ᠲᠠᠪᠤ᠄ ᠬᠡᠦᠬᠡᠳ ᠤᠳ ᠢ ᠦᠬᠡᠷ ᠤᠨ ᠱᠠᠭ᠎ᠠ ᠪᠠᠷ ᠪᠥᠭ ᠴᠢᠭ ᠬᠠᠷᠪᠤᠵᠤ ᠨᠠᠭᠠᠳᠬᠤ ᠶᠢ ᠴᠡᠭᠡᠷᠯᠡᠨ᠎ᠡ᠂  ᠲᠡᠨᠡᠭ ᠪᠣᠯᠣᠨ᠎ᠠ ᠭᠡᠳᠡᠭ᠃             ᠵᠢᠷᠭᠤᠭ᠎ᠠ᠄ ᠬᠠᠪᠤᠷ ᠤᠨ ᠲᠥᠯ ᠳᠤᠰᠴᠤ ᠪᠠᠶᠢᠬᠤ ᠤᠯᠠᠷᠢᠯ ᠳᠤ ᠬᠡᠦᠬᠡᠳ ᠤᠳ ᠱᠠᠭ᠎ᠠ ᠨᠠᠭᠠᠳᠬᠤ   ᠶᠢ   ᠴᠡᠭᠡᠷᠯᠡᠨ᠎ᠡ᠂ ᠲᠥᠯ ᠮᠠᠶᠢᠭᠢ ᠪᠣᠯᠣᠨ᠎ᠠ ᠭᠡᠳᠡᠭ᠃             ᠳᠤᠯᠤᠭ᠎ᠠ᠄ ᠵᠤᠨ ᠤ ᠪᠣᠷᠣᠭᠠᠨ ᠲᠠᠢ ᠡᠳᠦᠷ ᠱᠠᠭ᠎ᠠ ᠨᠠᠭᠠᠳᠬᠤ ᠶᠢ ᠴᠡᠭᠡᠷᠯᠡᠨ᠎ᠡ᠂ ᠲᠡᠭᠷᠢ ᠳᠤᠤᠭᠠᠷᠴᠤ   ᠠᠶᠤᠩᠭ᠎ᠠ ᠪᠠᠭᠤᠨ᠎ᠠ ᠭᠡᠳᠡᠭ᠃             ᠨᠠᠢᠮᠠ᠄ ᠰᠥᠨᠢᠳ ᠨᠤᠲᠤᠭ ᠲᠤ ᠱᠠᠭ᠎ᠠ ᠨᠠᠭᠠᠳᠬᠤ ᠳᠠᠭᠠᠨ ᠢᠵᠢᠯᠢ ᠮᠣᠷᠢ  ᠪᠣᠰᠪᠠᠯ  ᠬᠤᠭᠤᠷᠣᠨᠳᠤ   ᠨᠢ   ᠬᠠᠷᠪᠤᠬᠤ ᠶᠢ ᠣᠨᠴᠠ ᠴᠡᠭᠡᠷᠯᠡᠨ᠎ᠡ᠂ ᠵᠠᠶᠠᠭ᠎ᠠ ᠬᠡᠶᠢᠮᠣᠷᠢ ᠬᠡᠪᠲᠡᠨ᠎ᠡ ᠭᠡᠳᠡᠭ᠃             ᠶᠢᠰᠦ᠄ ᠶᠠᠰᠤ ᠪᠡᠷᠲᠡᠭᠰᠡᠨ ᠬᠥᠮᠥᠨ ᠡᠳᠡᠭᠡᠷᠡᠬᠦ ᠠᠴᠠ ᠡᠮᠦᠨ᠎ᠡ ᠱᠠᠭ᠎ᠠ ᠨᠠᠭᠠᠳᠬᠤ ᠶᠢ ᠴᠡᠭᠡᠷᠯᠡᠨ᠎ᠡ᠂  ᠶᠠᠰᠤᠨ    ᠤ ᠡᠳᠡᠭᠡᠷᠡᠯᠲᠡ ᠳᠤ ᠮᠠᠭᠤ ᠭᠡᠳᠡᠭ᠃             ᠠᠷᠪᠠ᠄ ᠴᠢᠨ᠋ᠸ᠎ᠠ ᠢᠳᠡᠭᠰᠡᠨ ᠮᠠᠯ ᠤᠨ ᠱᠠᠭ᠎ᠠ ᠶᠢ ᠲᠡᠭᠷᠢ ᠶᠢᠨ ᠨᠣᠬᠠᠢ ᠶᠢᠨ ᠬᠡᠰᠢᠭ ᠭᠡᠵᠦ ᠠᠪᠴᠤ ᠬᠠᠳᠠᠭᠠᠯᠠᠬᠤ ᠠᠴᠠ‌ᠪᠢᠰᠢ᠂ ᠨᠠᠭᠠᠳᠤᠮ ᠲᠣᠭᠯᠠᠭᠠᠮ ᠳᠤ ᠬᠡᠷᠡᠭᠯᠡᠬᠦ ᠶᠢ ᠴᠡᠭᠡᠷᠯᠡᠨ᠎ᠡ᠃             ᠠᠷᠪᠠᠨ ᠨᠢᠭᠡ᠄ ᠰᠡᠲᠡᠷ ᠲᠠᠢ ᠮᠠᠯ᠂ ᠲᠠᠷᠬᠠᠯᠠᠭᠰᠡᠨ ᠮᠠᠯ ᠦᠬᠦᠪᠡᠯ᠂ ᠱᠠᠭ᠎ᠠ ᠶᠢ ᠠᠪᠴᠤ ᠬᠠᠳᠠᠭ ᠲᠤ   ᠪᠣᠭᠤᠵᠤ ᠬᠠᠳᠠᠭᠠᠯᠠᠨ᠎ᠠ᠃ ᠨᠠᠭᠠᠳᠤᠮ ᠲᠣᠭᠯᠠᠭᠠᠮ ᠳᠤ ᠬᠡᠷᠡᠭᠯᠡᠬᠦ ᠶᠢ ᠴᠡᠭᠡᠷᠯᠡᠨ᠎ᠡ᠃             ᠠᠷᠪᠠᠨ ᠬᠤᠶᠠᠷ᠄  ᠬᠡᠦᠬᠡᠳ ᠭᠤᠷᠪᠠᠨ ᠬᠤᠨᠤᠭ ᠵᠠᠯᠭᠠᠪᠠᠷ ᠤᠭᠢᠯᠠᠪᠠᠯ ᠱᠠᠭᠠᠶᠢᠲᠤ ᠴᠢᠮᠦᠭᠡ ᠶᠢᠨ ᠱᠠᠭ᠎ᠠ ᠶᠢ   ᠠᠪᠴᠤ‌ᠬᠠᠳᠠᠭ ᠲᠤ ᠪᠣᠭᠤᠵᠤ ᠬᠠᠳᠠᠭᠠᠯᠠᠬᠤ ᠪᠤᠶᠤ ᠬᠡᠦᠬᠡᠳ ᠤᠨ ᠨᠠᠭᠠᠳᠤᠮ ᠳᠤᠨᠢ ᠵᠡᠭᠦᠳᠡᠭ᠂ ᠨᠠᠭᠠᠳᠤᠮ ᠳᠤ ᠬᠡᠷᠡᠭᠯᠡᠬᠦ ᠶᠢ ᠴᠡᠭᠡᠷᠯᠡᠨ᠎ᠡ᠃            ᠠᠷᠪᠠᠨ ᠭᠤᠷᠪᠠ᠄  ᠬᠤᠷᠢᠮ ᠤᠨ ᠪᠦᠬᠦᠯᠢ ᠰᠢᠭᠦᠰᠦᠨ ᠤ ᠱᠠᠭᠠᠶᠢᠲᠤ ᠴᠢᠮᠦᠭᠡ ᠶᠢᠨ ᠱᠠᠭ᠎ᠠ ᠶᠢ ᠠᠪᠴᠤ ᠬᠠᠳᠠᠭ ᠲᠤ ᠪᠣᠭᠤᠵᠤ ᠳᠡᠷ᠎ᠡ ᠳᠣᠣᠷ᠎ᠠ ᠬᠢᠳᠡᠭ ᠪᠥᠭᠡᠳ ᠰᠠᠶᠢᠬᠠᠨ ᠬᠠᠳᠠᠭᠠᠯᠠᠳᠠᠭ᠂ ᠨᠠᠭᠠᠳᠤᠮ ᠲᠣᠭᠯᠠᠭᠠᠮ ᠳᠤ ᠬᠡᠷᠡᠭᠯᠡᠬᠦ ᠶᠢ ᠴᠡᠭᠡᠷᠯᠡᠨ᠎ᠡ᠃            ᠠᠷᠪᠠᠨ ᠳᠥᠷᠪᠡ᠄ ᠮᠡᠷᠭᠡ ᠲᠥᠯᠭᠡ ᠲᠠᠯᠪᠢᠳᠠᠭ ᠱᠠᠭ᠎ᠠ ᠶᠢ ᠨᠠᠭᠠᠳᠤᠮ ᠲᠣᠭᠯᠠᠭᠠᠮ ᠳᠤ ᠬᠡᠷᠡᠭᠯᠡᠬᠦ ᠶᠢ ᠴᠡᠭᠡᠷᠯᠡᠨ᠎ᠡ᠂ ᠮᠡᠷᠭᠡ ᠲᠥᠯᠭᠡ ᠲᠥᠭᠡᠷᠢᠨ᠎ᠡ ᠭᠡᠳᠡᠭ᠃            ᠠᠷᠪᠠᠨ ᠲᠠᠪᠤ᠄ ᠬᠤᠷᠠᠭ᠎ᠠ ᠢᠰᠢᠭᠡ ︵ᠲᠥᠯ ᠮᠠᠯ ᠤᠨ ᠱᠠᠭ᠎ᠠ︶ ᠶᠢᠨ ᠱᠠᠭ᠎ᠠ ᠪᠠᠷ ᠨᠠᠭᠠᠳᠬᠤ ᠶᠢ ᠴᠡᠭᠡᠷᠯᠡᠨ᠎ᠡ᠃            ᠠᠷᠪᠠᠨ ᠵᠢᠷᠭᠤᠭ᠎ᠠ᠄ ᠱᠠᠭ᠎ᠠ ᠶᠢ ᠵᠠᠰᠠᠵᠤ ᠴᠡᠪᠡᠷᠯᠡᠬᠦ ᠳᠡᠭᠡᠨ ᠱᠠᠭ᠎ᠠ ᠮᠥᠯᠵᠢᠬᠦ ᠭᠡᠵᠦ ᠬᠡᠯᠡᠬᠦ ᠶᠢ ᠴᠡᠭᠡᠷᠯᠡᠨ᠎ᠡ᠂  ᠬᠠᠷᠢᠨ ᠱᠠᠭ᠎ᠠ ᠵᠠᠰᠠᠬᠤ ᠭᠡᠵᠦ ᠬᠡᠯᠡᠳᠡᠭ᠃  
 
ᠢᠷᠡᠯᠲᠡ᠄ ᠣᠷᠳᠣᠰ ᠮᠣᠩᠭᠤᠯ ᠰᠦᠯᠵᠢᠶ᠎ᠡ​
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号