ᠮᠥᠩᠬᠡ ᠶᠢᠨ ᠨᠠᠷᠠ​
ᠨᠡᠶᠢᠲᠡᠯᠡᠭᠰᠡᠨ ᠴᠠᠭ᠄
2024/3/19
      ᠤᠲᠠᠰᠤᠲᠤ ᠬᠤᠭᠤᠷ ᠤᠨ ᠡᠭᠡᠰᠢᠭ       ᠣᠯᠠᠨ ᠤ ᠰᠣᠨᠣᠷ ᠲᠤ ᠴᠡᠩᠭᠡᠯ ᠰᠢᠦ       ᠤᠯᠠᠭᠠᠨ ᠨᠠᠷᠠᠨ ᠤ ᠲᠤᠶᠠᠭ᠎ᠠ       ᠥᠩ ᠶᠢᠷᠲᠢᠨᠴᠦ ᠳᠤ ᠰᠢᠮ᠎ᠡ ᠰᠢᠦ       ᠡᠨᠡ ᠶᠢᠷᠲᠢᠨᠴᠦ ᠬᠠᠷᠠᠩᠭᠤᠢ ᠪᠠᠶᠢᠬᠤ ᠳᠤ       ᠢᠯᠴᠢ ᠬᠠᠩᠭᠠᠭᠰᠠᠨ ᠨᠢ ᠨᠠᠷᠠ ᠰᠢᠦ       ᠥᠷᠭᠡᠨ ᠲᠦᠮᠡᠨ ᠵᠦᠳᠡᠵᠦ ᠪᠠᠶᠢᠬᠤ ᠳᠤ       ᠡᠷᠭᠦᠭᠡᠳ ᠠᠪᠤᠭᠰᠠᠨ ᠨᠢ ᠨᠠᠮ ᠮᠢᠨᠢ ᠰᠢᠦ       ᠠᠶᠤᠯᠲᠤ ᠳᠠᠶᠢᠰᠤᠨ ᠤ ᠳᠠᠷᠤᠯᠠᠯ ᠳᠣᠣᠷ᠎ᠠ       ᠠᠷᠪᠠᠨ ᠲᠠᠮᠤ ᠶᠢ ᠠᠮᠰᠠᠭᠰᠠᠨ       ᠠᠷᠠᠳ ᠣᠯᠠᠨ ᠢᠶᠠᠨ ᠠᠪᠤᠷᠠᠭᠰᠠᠨ       ᠠᠭᠤᠤ ᠠᠴᠢ ᠶᠢ ᠨᠢ ᠮᠠᠷᠲᠠᠬᠤ ᠦᠭᠡᠢ       ᠡᠪ ᠬᠠᠮᠲᠤ ᠨᠠᠮ ᠭᠡᠳᠡᠭ ᠪᠣᠯ       ᠡᠪ ᠨᠢᠭᠡᠳᠦᠯ ᠤᠨ ᠪᠡᠯᠭᠡᠳᠡᠯ ᠰᠢᠦ       ᠬᠠᠮᠲᠤᠷᠠᠵᠤ ᠲᠡᠮᠡᠴᠡᠯ ᠬᠢᠪᠡᠯ       ᠬᠠᠮᠤᠭ ᠪᠦᠭᠦᠨ ᠢ ᠢᠯᠠᠳᠠᠭ ᠰᠢᠦ       ᠬᠦᠴᠦᠲᠦ ᠳᠠᠶᠢᠰᠤᠨ ᠢ ᠢᠯᠠᠭᠰᠠᠨ       ᠬᠦᠴᠦ ᠨᠢ ᠬᠠᠮᠢᠭ᠎ᠠ ᠪᠤᠢ ᠭᠡᠪᠡᠯ       ᠬᠥᠮᠥᠨ ᠠᠷᠠᠳ ᠲᠠᠢ ᠪᠠᠨ ᠬᠤᠯᠪᠣᠯᠳᠤᠭᠰᠠᠨ       ᠪᠦᠯᠬᠦᠮᠳᠡᠯ ᠨᠢᠭᠲᠠᠷᠠᠯ ᠠᠴᠠ ᠢᠷᠡᠯ ᠲᠠᠢ       ᠵᠡᠪᠰᠡᠭᠲᠦ ᠳᠠᠶᠢᠰᠤᠨ ᠢ ᠳᠠᠷᠤᠭᠰᠠᠨ       ᠵᠣᠷᠢᠭ ᠨᠢ ᠶᠠᠭᠤᠨ ᠠᠴᠠ ᠢᠷᠡᠪᠡ ᠭᠡᠪᠡᠯ       ᠵᠣᠪᠠᠯᠠᠩᠲᠤ ᠠᠷᠠᠳ ᠢ ᠠᠪᠤᠷᠠᠭᠰᠠᠨ       ᠵᠣᠷᠢᠯᠲᠠ ᠬᠦᠰᠡᠯ ᠠᠴᠠ ᠡᠭᠦᠰᠦᠯ ᠲᠠᠢ       ᠬᠦᠴᠢᠷ ᠵᠣᠪᠠᠭᠤᠷᠢᠲᠤ ᠠᠷᠠᠳ ᠢ       ᠬᠥᠲᠥᠯᠥᠨ ᠳᠠᠭᠠᠭᠤᠯᠵᠤ ᠤᠳᠤᠷᠢᠳᠤᠭᠰᠠᠨ       ᠬᠦᠰᠡᠯᠡᠩᠲᠦ ᠨᠡᠶᠢᠭᠡᠮ ᠢ ᠪᠠᠶᠢᠭᠤᠯᠬᠤ ᠪᠠᠷ       ᠬᠦᠴᠦᠯᠡᠨ ᠲᠡᠮᠡᠴᠡᠭᠰᠡᠨ ᠡᠪ ᠬᠠᠮᠲᠤ ᠨᠠᠮ       ᠡᠩ ᠳᠡᠯᠡᠬᠡᠢ ᠶᠢᠨ ᠥᠷᠥᠴᠡᠨ ᠳᠤ       ᠡᠩᠬᠡ ᠶᠢᠨ ᠨᠠᠷᠠᠨ ᠮᠠᠨᠳᠤᠯ᠎ᠠ       ᠡᠪ ᠬᠠᠮᠲᠤ ᠨᠠᠮ ᠤᠨ ᠠᠴᠢ ᠪᠠᠷ       ᠡᠬᠡ ᠤᠯᠤᠰ ᠮᠢᠨᠢ ᠬᠦᠴᠦᠷᠬᠡᠭᠵᠢᠯ᠎ᠡ       ᠳᠣᠷᠣᠨᠠᠳᠠᠬᠢᠨ ᠤ ᠣᠭᠲᠠᠷᠭᠤᠢ ᠳᠤ       ᠮᠥᠩᠬᠡ ᠶᠢᠨ ᠨᠠᠷᠠᠨ ᠰᠠᠴᠤᠷᠠᠯ᠎ᠠ       ᠳᠣᠮᠳᠠᠳᠣ ᠶᠢᠨ ᠠᠭᠤᠳᠠᠮ ᠨᠤᠲᠤᠭ ᠲᠤ       ᠲᠠᠪᠤᠨ ᠣᠳᠣᠲᠤ ᠲᠤᠭ ᠨᠠᠮᠢᠷᠠᠨ᠎ᠠ       ᠡᠨᠡ ᠰᠠᠶᠢᠬᠠᠨ ᠨᠡᠶᠢᠭᠡᠮ ᠳᠤ       ᠢᠷᠭᠡᠨ ᠪᠦᠭᠦᠨ ᠡᠷᠬᠡ ᠴᠢᠯᠦᠭᠡᠲᠡᠢ       ᠡᠯᠢᠭᠡᠨ ᠬᠠᠶᠢᠷᠠᠲᠤ ᠡᠬᠡ ᠤᠯᠤᠰ ᠲᠤ ᠮᠢᠨᠢ       ᠡᠯ᠎ᠡ ᠦᠨᠳᠦᠰᠦᠲᠡᠨ ᠪᠦᠯᠬᠦᠮᠳᠡᠯ ᠲᠠᠢ       ᠥᠭᠡᠷᠡᠴᠢᠯᠡᠯᠲᠡ ᠬᠢᠵᠦ ᠴᠢᠯᠦᠭᠡᠲᠡᠢ ᠶᠠᠪᠤᠯᠴᠠᠨ       ᠠᠵᠤ ᠠᠬᠤᠢ ᠨᠡᠶᠢᠭᠡᠮ ᠢ ᠬᠥᠭᠵᠢᠭᠦᠯᠦᠯ᠎ᠡ       ᠠᠷᠭ᠎ᠠ ᠪᠦᠭᠦᠨ ᠢ ᠰᠦᠪᠡᠭᠴᠢᠯᠡᠨ       ᠠᠷᠠᠳ ᠤᠨ ᠠᠮᠢᠳᠤᠷᠠᠯ ᠢ ᠰᠠᠶᠢᠵᠢᠷᠠᠭᠤᠯᠤᠯ᠎ᠠ       ᠠᠷᠪᠠᠨ ᠳ᠋ᠦᠩᠰᠢᠭᠤᠷ ᠠᠷᠠᠳ       ᠠᠨᠠᠷ ᠤᠨ ᠦᠷ᠎ᠡ ᠰᠢᠭ ᠪᠦᠯᠬᠦᠮᠳᠡᠶ᠎ᠡ       ᠠᠭᠤᠤ ᠨᠠᠮ ᠤᠨ ᠵᠢᠯᠣᠭᠤᠳᠤᠯᠭ᠎ᠠ ᠪᠠᠷ       ᠠᠮᠵᠢᠯᠲᠠ ᠵᠢᠳᠬᠦᠯ ᠭᠠᠷᠭᠠᠶ᠎ᠠ᠃
 
ᠢᠷᠡᠯᠲᠡ᠄ ᠬᠦᠯᠦᠨ ᠪᠦᠢᠷ ᠬᠤᠲᠠ ᠶᠢᠨ ᠵᠠᠰᠠᠭ ᠤᠨ ᠤᠷᠳᠤᠨ ᠤ ᠮᠣᠩᠭᠣᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号