| | ᠴᠣᠯᠮᠣᠨ 1960 ᠣᠨ ᠳᠤ ᠵᠡᠭᠦᠨ ᠦᠵᠦᠮᠦᠴᠢᠨ ᠬᠤᠰᠢᠭᠤᠨ ᠤ ᠰᠠᠮᠠᠢ ᠰᠤᠮᠤᠨ ᠤ ᠵᠢᠷᠠᠨᠪᠤᠯᠠᠭ | ᠭᠠᠴᠠᠭ᠎ᠠ ᠶᠢᠨ ᠮᠠᠯᠴᠢᠨ ᠰᠢᠷᠠᠨᠤᠳ ᠣᠪᠣᠭ ᠲᠠᠢ ᠭᠠᠷᠤᠳᠢᠪᠠᠭᠠᠳᠤᠷ᠂ ᠲᠤᠩᠭᠠᠯᠠᠭ ᠤᠨ ᠭᠤᠷᠪᠠᠳᠤᠭᠠᠷ ᠬᠡᠦᠬᠡᠳ ᠨᠢ | ᠪᠣᠯᠵᠤ ᠵᠠᠶᠠᠭᠠᠵᠠᠢ᠃ | ᠭᠠᠷᠤᠲᠢᠪᠠᠭᠠᠲᠤᠷ ᠭᠤᠸᠠᠢ ᠰᠠᠶᠢᠨ ᠪᠠᠷᠢᠯᠳᠤᠵᠤ᠂ ᠮᠣᠷᠢ ᠰᠠᠶᠢᠬᠠᠨ ᠤᠶᠠᠵᠤ ᠪᠠᠶᠢᠭᠰᠠᠨ ᠢ ᠨᠤᠲᠤᠭ ᠤᠰᠤᠡ ᠤ | ᠬᠢᠨ ᠰᠠᠶᠢᠨ ᠮᠡᠳᠡᠳᠡᠭ᠃ ᠴᠣᠯᠮᠣᠨ ᠤ ᠠᠪᠤ ᠭᠠᠷᠤᠲᠢᠪᠠᠭᠠᠲᠤᠷ ᠭᠤᠸᠠᠢ ᠤᠤᠯ ᠤᠨ ᠪᠠᠶᠠᠨᠬᠦ᠋ᠭᠡᠪᠦᠷ ᠰᠤᠮᠤᠨ ᠤ | ᠵᠢᠷᠠᠨᠪᠤᠯᠠᠭ ᠭᠠᠴᠠᠭᠠᠨ ᠤ ᠥᠩᠲᠦ ᠶᠢᠨ ᠣᠪᠣᠭᠠᠨ ᠤ ᠲᠠᠬᠢᠯᠭ᠎ᠠ ᠶᠢᠨ ᠨᠠᠶᠢᠷ ᠲᠤ ᠪᠠᠷᠢᠯᠳᠤᠨ ᠲᠡᠷᠢᠭᠦᠯᠡᠵᠦ᠂ ᠰᠢᠨ᠎ᠡ | ᠰᠦᠮ᠎ᠡ ᠶᠢᠨ ᠨᠠᠷᠢᠨ ᠴᠠᠭᠠᠨ ᠣᠪᠣᠭᠠᠨ ᠤ ᠲᠠᠬᠢᠯᠭ᠎ᠠ ᠶᠢᠨ ᠨᠠᠶᠢᠷ ᠲᠤ ᠳᠡᠳ᠋ᠯᠡᠵᠦ᠂ ᠮᠥᠨ ᠳᠤᠰ ᠣᠪᠣᠭᠠᠨ ᠤ | ᠲᠠᠬᠢᠯᠭ᠎ᠠ ᠶᠢᠨ ᠨᠠᠶᠢᠷ ᠲᠤ ᠬᠤᠯᠠ ᠮᠣᠷᠢ ᠨᠢ ᠲᠡᠷᠢᠭᠦᠯᠡᠵᠦ ᠪᠠᠶᠢᠭᠰᠠᠨ ᠰᠠᠶᠢᠬᠠᠨ ᠲᠤᠷᠠᠰᠤᠮᠵᠢᠲᠠᠢ᠃ | ᠴᠣᠯᠮᠣᠨ ᠴᠤ ᠠᠪᠤ ᠶᠢᠨ ᠢᠶᠠᠨ ᠤᠷ᠎ᠠ ᠠᠪᠢᠶᠠᠰ ᠢ ᠥᠪᠯᠡᠭᠰᠡᠨ ᠤᠳᠤᠮ ᠵᠠᠯᠭᠠᠭᠰᠠᠨ ᠰᠠᠶᠢᠨ ᠪᠦᠬᠡ ᠮᠥᠷᠲᠡᠭᠡᠨ | ᠰᠠᠶᠢᠨ ᠤᠶᠠᠭᠠᠴᠢ ᠶᠤᠮ᠃ ᠲᠡᠷᠡ 1979 ᠣᠨ ᠳᠤ ᠵᠡᠭᠦᠨ ᠦᠵᠦᠮᠦᠴᠢᠨ ᠬᠤᠰᠢᠭᠤᠨ ᠤ ᠪᠦᠬᠡ ᠶᠢᠨ | ᠪᠣᠯᠪᠠᠰᠤᠷᠠᠯ ᠳᠤ ᠰᠠᠭᠤᠵᠤ ᠠᠪᠤᠷᠭᠤ ᠰᠣᠳᠨᠠᠮ᠂ ᠮᠠᠨᠳᠤᠯ᠎ᠠ ᠵᠡᠷᠭᠡ ᠪᠠᠭᠰᠢ ᠠᠴᠠ ᠮᠡᠭᠡ ᠮᠡᠷᠭᠡᠵᠢᠯ ᠰᠤᠷᠴᠠᠢ᠃ | ᠴᠣᠯᠮᠣᠨ ᠤ ᠪᠦᠬᠡ ᠪᠠᠷᠢᠯᠳᠤᠭᠰᠠᠨ ᠠᠮᠵᠢᠯᠲᠠ ᠠᠴᠠ ᠳᠤᠷᠠᠳᠪᠠᠯ᠂ 1979 ᠣᠨ ᠳᠤ ᠵᠡᠭᠦᠨ ᠦᠵᠦᠮᠦᠴᠢᠨ | ᠬᠤᠰᠢᠭᠤᠨ ᠤ ᠤᠤᠯ ᠤᠨ ᠳᠤᠮᠳᠠᠭᠤᠪᠢ ᠰᠤᠮᠤᠨ ᠤ ᠡᠩᠭᠡᠵᠢᠷᠭᠠᠯᠠᠩ ᠭᠠᠴᠠᠭᠠᠨ ᠤ ᠨᠠᠶᠢᠷ ᠲᠤ ᠳᠡᠭᠡᠳᠦ ᠨᠠᠢᠮᠠ ᠳᠤ | ᠲᠡᠪᠢᠵᠤ᠂ ᠰᠢᠯᠢ ᠶᠢᠨ ᠭᠤᠣᠯ ᠠᠶᠢᠮᠠᠭ ᠤᠨ ᠵᠠᠯᠠᠭᠤᠴᠤᠳ ᠤᠨ ᠤᠷᠤᠯᠳᠤᠭᠠᠨ ᠳᠤ ᠳᠤᠮᠳᠠᠳᠤ ᠮᠠᠶ᠋ᠢᠭ ᠤᠨ ᠪᠦᠬᠡ ᠶᠢᠨ | ᠳᠡᠳ᠋ ᠬᠦᠨᠳᠦ ᠳᠡᠰ ᠲᠤ ᠲᠡᠷᠢᠭᠦᠯᠡᠵᠦ ︽ᠵᠤᠯᠵᠠᠭᠠᠨ ᠪᠦᠷᠭᠦᠳ︾ ᠢᠶᠠᠷ ᠴᠣᠯᠠᠯᠠᠭᠳᠠᠵᠠᠢ᠃ ᠮᠥᠨ ᠲᠤᠰ ᠵᠢᠯ ᠵᠡᠭᠦᠨ | ᠦᠵᠦᠮᠦᠴᠢᠨ ᠬᠤᠰᠢᠭᠤᠨ ᠤ ᠤᠤᠯ ᠤᠨ ᠤᠩᠭᠤᠨ ᠰᠤᠮᠤᠨ ᠤ ᠬᠥᠭᠵᠢᠯᠲᠦ ᠭᠠᠴᠠᠭᠠᠨ ᠤ ᠨᠠᠶᠢᠷ ᠲᠤ ᠳᠡᠭᠡᠳᠦ | ᠳᠥᠷᠪᠡ ᠳᠤ ᠲᠡᠪᠢᠵᠤ᠂ ᠳᠠᠭᠤᠲᠤᠨᠠᠭᠤᠷ ᠰᠤᠮᠤᠨ ᠤ 256 ᠪᠦᠬᠡ ᠲᠠᠢ ᠨᠠᠶᠢᠷ ᠲᠤ ᠠᠯᠳᠠᠨᠬᠢᠯᠢ ᠶᠢᠨ ᠴᠣᠶᠢᠰᠦ᠋ᠷᠦᠩ | ᠵᠡᠷᠭᠡ ᠪᠥᠬᠡᠴᠢᠳ ᠢ ᠬᠠᠶᠠᠵᠤ 32 ᠲᠤ ᠣᠷᠣᠵᠠᠢ᠃ ᠤᠤᠯ ᠤᠨ ᠪᠠᠶᠠᠨᠬᠦ᠋ᠭᠡᠪᠦᠷ ᠰᠤᠮᠤᠨ ᠤ 256 ᠪᠦᠬᠡ ᠲᠠᠢ | ᠨᠠᠶᠢᠷ ᠲᠤ ᠡᠷᠢᠶᠡᠨᠭᠤᠪᠢ ᠶᠢᠨ ᠭᠤᠨᠴᠣᠭᠵᠠᠪ᠂ ᠮᠠᠨᠳᠤᠬᠤᠪᠤᠯᠠᠭ ᠤᠨ ᠪᠠᠶᠠᠷ ᠵᠡᠷᠭᠡ ᠪᠥᠬᠡᠴᠢᠳ ᠢ ᠬᠠᠶᠠᠵᠤ | ᠮᠠᠨᠳᠤᠬᠤᠪᠤᠯᠠᠭ ᠤᠨ ᠰᠡᠷᠡᠩᠳᠣᠩᠷᠣᠪ ᠲᠤ ᠣᠶᠢᠴᠢᠵᠠᠢ᠃ ᠰᠠᠮᠠᠢ ᠰᠤᠮᠤᠨ ᠤ 256 ᠪᠦᠬᠡ ᠲᠠᠢ ᠨᠠᠶᠢᠷ ᠲᠤ | ᠠᠯᠳᠠᠨᠬᠢᠯᠢ ᠶᠢᠨ ᠮᠢ᠊ · ᠭᠧᠩᠳᠡᠨ ᠵᠡᠷᠭᠡ ᠪᠥᠬᠡᠴᠦᠳ ᠢ ᠬᠠᠶᠠᠵᠤ 16 ᠳᠤ ᠲᠡᠪᠢᠪᠡ᠃ ᠰᠢᠯᠢ ᠶᠢᠨ ᠭᠤᠣᠯ | ᠠᠶᠢᠮᠠᠭ ᠤᠨ ᠰᠢᠯᠢᠳᠡᠭ 128 ᠪᠦᠬᠡ ᠶᠢᠨ ᠪᠠᠷᠢᠯᠳᠤᠭᠠᠨ ᠳᠤ 16 ᠳᠤ ᠲᠡᠪᠢᠪᠠ᠃ 1980 ᠣᠨ ᠳᠤ ᠤᠤᠯ ᠤᠨ | ᠪᠠᠶᠠᠨᠬᠦ᠋ᠭᠡᠪᠦᠷ ᠰᠤᠮᠤᠨ ᠤ ᠵᠠᠯᠠᠭᠤᠴᠤᠳ ᠤᠨ ᠨᠠᠶᠢᠷ ᠲᠤ ᠳᠡᠭᠡᠳᠦ ᠨᠠᠢᠮᠠ ᠳᠤ ᠰᠢᠷᠤᠪ ᠲᠤ ᠪᠠᠭᠤᠵᠤ ᠥᠭᠪᠡ᠃ | ᠠᠪᠠᠭ᠎ᠠ ᠬᠤᠰᠢᠭᠤᠨ ᠤ ᠶᠡᠬᠡᠭᠤᠤᠯ ᠰᠤᠮᠤᠨ ᠤ ᠨᠠᠶᠢᠷ ᠲᠤ ᠠᠪᠠᠭ᠎ᠠ ᠬᠤᠰᠢᠭᠤᠨ ᠤ ᠣ · ᠳᠠᠮᠳᠢᠨ᠂ ᠰᠤ · ᠳᠠᠮᠳᠢᠨ | ᠵᠡᠷᠭᠡ ᠲᠦᠷᠪᠡᠨ ᠳᠠᠮᠳᠢᠨ ᠢ ᠬᠠᠶᠠᠵᠤ 16 ᠳᠤ ᠲᠡᠪᠢᠪᠠ᠃ 1981 ᠣᠨ ᠳᠤ ᠪᠠᠷᠠᠭᠤᠨ ᠦᠵᠦᠮᠦᠴᠢᠨ | ᠬᠤᠰᠢᠭᠤᠨ ᠤ ᠪᠠᠶᠠᠨᠭᠤᠣᠯ ᠰᠤᠮᠤᠨ ᠤ 256 ᠪᠦᠬᠡ ᠲᠠᠢ ᠨᠠᠶᠢᠷ ᠲᠤ 16 ᠳᠤ ᠲᠡᠪᠢᠵᠤ᠂ ᠵᠡᠭᠦᠨ ᠦᠵᠦᠮᠦᠴᠢᠨ | ᠬᠤᠰᠢᠭᠤᠨ ᠤ ᠠᠷᠠᠳ ᠤᠨ ᠶᠡᠭᠡ ᠨᠠᠶᠢᠷ ᠤᠨ 512 ᠪᠦᠬᠡ ᠶᠢᠨ ᠪᠠᠷᠢᠯᠳᠤᠭᠠᠨ ᠳᠤ ᠪᠠᠷᠠᠭᠤᠨ ᠦᠵᠦᠮᠦᠴᠢᠨ ᠤ | ᠥᠯᠵᠡᠶᠢᠪᠠᠶᠠᠷ ᠵᠡᠷᠭᠡ ᠪᠥᠬᠡᠴᠢᠳ ᠢ ᠬᠠᠶᠠᠵᠤ 16 ᠳᠤ ᠲᠡᠪᠢᠪᠡ᠃ ᠮᠥᠨ ᠳᠤᠰ ᠵᠢᠯ ᠤᠤᠯ ᠤᠨ ᠪᠠᠶᠠᠨᠬᠦ᠋ᠭᠡᠪᠦᠷ | ᠰᠤᠮᠤᠨ ᠤ ᠵᠢᠷᠠᠨᠪᠤᠯᠠᠭ ᠭᠠᠴᠠᠭᠠᠨ ᠤ 256 ᠪᠦᠬᠡ ᠲᠠᠢ ᠨᠠᠶᠢᠷ ᠲᠤ ᠠ᠊ · ᠵᠢᠷᠭᠠᠯ ᠳᠤ ᠪᠠᠭᠤᠵᠤ ᠳᠡᠭᠡᠳᠦ | ᠳᠥᠷᠪᠡ ᠳᠤ ᠲᠡᠪᠢᠪᠠ᠃ 1982 ᠣᠨ ᠳᠤ ᠤᠤᠯ ᠤᠨ ᠪᠤᠯᠠᠭ ᠰᠤᠮᠤᠨ ᠤ 128 ᠪᠦᠬᠡ ᠲᠠᠢ ᠨᠠᠶᠢᠷ ᠲᠤ ᠲᠠᠮᠪᠠ᠂ | ᠪᠥᠬᠡᠪᠠᠭᠠᠲᠤᠷ᠂ ᠪᠤᠶᠠᠨᠲᠤ ᠵᠡᠷᠭᠡ ᠪᠥᠬᠡᠴᠢᠳ ᠢ ᠬᠠᠶᠠᠵᠤ ᠳᠡᠳ᠋ᠯᠡᠪᠡ᠃ ᠰᠢᠯᠢ ᠶᠢᠨ ᠭᠤᠣᠯ ᠠᠶᠢᠮᠠᠭ ᠤᠨ 1024 | ᠪᠦᠬᠡ ᠲᠠᠢ ᠨᠠᠶᠢᠷ ᠲᠤ ᠪᠠᠷᠠᠭᠤᠨ ᠦᠵᠦᠮᠦᠴᠢᠨ ᠬᠤᠰᠢᠭᠤᠨ ᠤ ᠬᠡᠦᠬᠡᠨᠪᠤᠷᠤ ᠵᠡᠷᠭᠡ ᠪᠥᠬᠡᠴᠢᠳ ᠢ ᠬᠠᠶᠠᠵᠤ 64 ᠳᠤ | ᠲᠡᠪᠢᠪᠠ᠃1984 ᠣᠨ ᠳᠤ ᠵᠡᠭᠦᠨ ᠦᠵᠦᠮᠦᠴᠢᠨ ᠬᠤᠰᠢᠭᠤᠨ ᠤ ᠡᠳ᠋ ᠪᠣᠳᠠᠰ ᠤᠨ ᠰᠣᠯᠢᠯᠴᠠᠭᠠᠨ ᠤ ᠨᠠᠶᠢᠷ ᠤᠨ | 256 ᠪᠦᠬᠡ ᠶᠢᠨ ᠪᠠᠷᠢᠯᠳᠤᠭᠠᠨ ᠳᠤ 8 ᠳᠤ ᠲᠡᠪᠢᠵᠤ᠂ ᠨᠢᠭᠡᠴᠢ ᠶᠢᠨ ᠤᠷᠤᠯᠳᠤᠭᠠᠨ ᠳᠤ ᠲᠡᠷᠢᠭᠦᠯᠡᠪᠡ᠃ ᠡᠭᠦᠨ ᠠᠴᠠ | ᠭᠠᠳᠠᠨ᠎ᠠ ᠨᠤᠲᠤᠭ ᠤᠰᠤᠨ ᠤ ᠪᠠᠨ ᠣᠪᠣᠭᠠᠨ ᠤ ᠨᠠᠶᠢᠷ᠂ ᠨᠠᠰᠤᠲᠠᠨ ᠤ ᠨᠠᠶᠢᠷ ᠤᠳ ᠢᠶᠠᠷ ᠤᠯᠠᠨ ᠤᠳᠠᠭ᠎ᠠ ᠳᠡᠭᠡᠳᠦ | ᠳᠥᠷᠪᠡ᠂ ᠳᠡᠭᠡᠷ᠎ᠡ ᠨᠠᠢᠮᠠ ᠪᠠᠷ ᠰᠠᠶᠢᠨ ᠪᠠᠷᠢᠯᠳᠤᠵᠤ ᠶᠠᠪᠤᠭᠰᠠᠨ ᠪᠢᠯᠡ᠃ ᠴᠣᠯᠮᠣᠨ ᠤ ᠬᠤᠷᠳᠤᠯᠠᠭᠤᠯᠤᠭᠰᠠᠨ | ᠮᠣᠷᠢᠳ ᠤᠨ ᠠᠮᠵᠢᠯᠲᠠ ᠠᠴᠠ ᠳᠤᠷᠠᠳᠪᠠᠯ᠂ ᠤᠯᠠᠭᠠᠨ ᠮᠣᠷᠢ ᠨᠢ 1986 ᠣᠨ ᠳᠤ ᠵᠡᠭᠦᠨ ᠦᠵᠦᠮᠦᠴᠢᠨ | ᠬᠤᠰᠢᠭᠤᠨ ᠤ ᠨᠠᠷᠢᠨ ᠬᠠᠨ ᠣᠪᠣᠭ᠎ᠠ ᠪᠣᠯᠣᠨ ᠬᠦᠬᠡᠪᠤᠷ ᠣᠪᠣᠭᠠᠨ ᠤ ᠲᠠᠬᠢᠯᠭ᠎ᠠ ᠶᠢᠨ ᠨᠠᠶᠢᠷ ᠤᠨ ᠮᠣᠷᠢᠨ ᠤ | ᠤᠷᠤᠯᠲᠤᠭᠠᠨ ᠳᠤ ᠳᠡᠳ᠋ᠯᠡᠪᠡ︔ 1987 ᠣᠨ ᠳᠤ ᠤᠤᠯ ᠤᠨ ᠡᠷᠢᠶᠡᠨᠭᠤᠪᠢ ᠰᠤᠮᠤᠨ ᠤ ᠨᠠᠶᠢᠷ ᠲᠤ | ᠵᠢᠷᠭᠤᠳᠤᠭᠠᠷ ᠲᠤ ᠬᠤᠷᠳᠤᠯᠠᠪᠠ︔ 1987 ᠣᠨ ᠳᠤ ᠵᠡᠭᠦᠨ ᠦᠵᠦᠮᠦᠴᠢᠨ ᠬᠤᠰᠢᠭᠤᠨ ᠤ ᠬᠦᠬᠡᠪᠤᠷ ᠣᠪᠣᠭ᠎ᠠ | ᠪᠣᠯᠣᠨ ᠥᠩᠲᠦ ᠶᠢᠨ ᠣᠪᠣᠭᠠᠨ ᠤ ᠲᠠᠬᠢᠯᠭ᠎ᠠ ᠶᠢᠨ ᠨᠠᠶᠢᠷ ᠤᠨ ᠮᠣᠷᠢᠨ ᠤ ᠤᠷᠤᠯᠲᠤᠭᠠᠨ ᠳᠤ ᠳᠡᠳ᠋ᠯᠡᠪᠡ︔ 1988 | ᠣᠨ ᠳᠤ ᠵᠡᠭᠦᠨ ᠦᠵᠦᠮᠦᠴᠢᠨ ᠬᠤᠰᠢᠭᠤᠨ ᠤ ᠮᠠᠯᠴᠢᠳ ᠤᠨ ᠠᠩᠬᠠᠳᠠᠭᠴᠢ ᠤᠳᠠᠭᠠᠨ ᠤ 512 ᠪᠦᠬᠡ ᠲᠠᠢ | ᠨᠠᠶᠢᠷ ᠤᠨ ᠮᠣᠷᠢᠨ ᠤ ᠤᠷᠤᠯᠲᠤᠭᠠᠨ ᠳᠤ ᠲᠡᠷᠢᠭᠦᠯᠡᠨ᠂ ᠬᠦᠬᠡᠪᠤᠷ ᠣᠪᠣᠭᠠᠨ ᠤ ᠲᠠᠬᠢᠯᠭ᠎ᠠ ᠶᠢᠨ ᠨᠠᠶᠢᠷ ᠲᠤ | ᠭᠤᠷᠪᠠᠳᠤᠭᠠᠷ ᠲᠤ ᠬᠤᠷᠳᠤᠯᠠᠪᠠ︔ 1989 ᠣᠨ ᠳᠤ ᠥᠩᠲᠦ ᠶᠢᠨ ᠣᠪᠣᠭᠠᠨ ᠤ ᠲᠠᠬᠢᠯᠭ᠎ᠠ ᠶᠢᠨ ᠨᠠᠶᠢᠷ ᠲᠤ | ᠭᠤᠷᠪᠠᠳᠤᠭᠠᠷ ᠲᠤ ᠬᠤᠷᠳᠤᠯᠠᠪᠠ︔ 1990 ᠣᠨ ᠳᠤ ᠰᠢᠯᠢ ᠶᠢᠨ ᠭᠤᠣᠯ ᠠᠶᠢᠮᠠᠭ ᠤᠨ 1024 ᠪᠦᠬᠡ ᠲᠠᠢ | ᠨᠠᠶᠢᠷ ᠤᠨ ᠮᠣᠷᠢᠨ ᠤ ᠤᠷᠤᠯᠲᠤᠭᠠᠨ ᠳᠤ ᠬᠤᠷᠢᠨ ᠳᠣᠯᠣᠳᠤᠭᠠᠷ ᠲᠤ ᠬᠤᠷᠳᠤᠯᠠᠨ᠂ ᠥᠩᠲᠦ ᠶᠢᠨ ᠣᠪᠣᠭᠠᠨ ᠤ | ᠲᠠᠬᠢᠯᠭ᠎ᠠ ᠶᠢᠨ ᠨᠠᠶᠢᠷ ᠲᠤ ᠳᠥᠷᠪᠡᠳᠦᠭᠡᠷ ᠲᠤ ᠬᠤᠷᠳᠤᠯᠠᠪᠠ︔ 1991 ᠣᠨ ᠳᠤ ᠵᠡᠭᠦᠨ ᠦᠵᠦᠮᠦᠴᠢᠨ | ᠬᠤᠰᠢᠭᠤᠨ ᠤ ᠬᠦᠬᠡᠪᠤᠷ ᠣᠪᠣᠭᠠᠨ ᠤ ᠲᠠᠬᠢᠯᠭ᠎ᠠ ᠶᠢᠨ ᠨᠠᠶᠢᠷ ᠲᠤ ᠳᠣᠯᠣᠳᠤᠭᠠᠷ ᠲᠤ᠂ ᠥᠩᠲᠦ ᠶᠢᠨ ᠣᠪᠣᠭᠠᠨ ᠤ | ᠲᠠᠬᠢᠯᠭ᠎ᠠ ᠶᠢᠨ ᠨᠠᠶᠢᠷ ᠲᠤ ᠳᠥᠷᠪᠡᠳᠦᠭᠡᠷ ᠲᠤ ᠬᠤᠷᠳᠤᠯᠠᠪᠠ︔ 1992 ᠣᠨ ᠳᠤ ᠵᠡᠭᠦᠨ ᠦᠵᠦᠮᠦᠴᠢᠨ | ᠬᠤᠰᠢᠭᠤᠨ ᠤ ᠬᠦᠬᠡᠪᠤᠷ ᠣᠪᠣᠭᠠᠨ ᠤ ᠲᠠᠬᠢᠯᠭ᠎ᠠ ᠶᠢᠨ ᠨᠠᠶᠢᠷ ᠲᠤ ᠲᠠᠪᠤᠳᠤᠭᠠᠷ ᠲᠤ᠂ ᠥᠩᠲᠦ ᠶᠢᠨ ᠣᠪᠣᠭᠠᠨ ᠤ | ᠲᠠᠬᠢᠯᠭ᠎ᠠ ᠶᠢᠨ ᠨᠠᠶᠢᠷ ᠲᠤ ᠳᠥᠷᠪᠡᠳᠦᠭᠡᠷ ᠲᠤ ᠬᠤᠷᠳᠤᠯᠠᠪᠠ︔ 1994 ᠣᠨ ᠳᠤ ᠨᠠᠰᠤᠲᠠᠨ ᠤ ᠨᠠᠰᠤᠨ ᠪᠠᠶᠠᠷ ᠤᠨ | ᠨᠠᠶᠢᠷ ᠲᠤ ᠵᠢᠷᠭᠤᠳᠤᠭᠠᠷ ᠲᠤ᠂ ᠵᠢᠷᠠᠨᠪᠤᠯᠠᠭ ᠭᠠᠴᠠᠭᠠᠨ ᠤ ᠲᠦᠮᠡᠨᠭᠡᠷᠡᠯ ᠨᠠᠰᠤᠲᠠᠨ ᠤ ᠨᠠᠰᠤᠨ ᠪᠠᠶᠠᠷ ᠤᠨ ᠨᠠᠶᠢᠷ ᠲᠤ | ᠭᠤᠷᠪᠠᠳᠤᠭᠠᠷ ᠲᠤ ᠬᠤᠷᠳᠤᠯᠠᠪᠠ︔ 1995 ᠣᠨ ᠳᠤ ᠤᠤᠯ ᠤᠨ ᠪᠠᠶᠠᠨᠬᠦ᠋ᠭᠡᠪᠦᠷ ᠰᠤᠮᠤᠨ ᠤ 512 ᠪᠦᠬᠡ ᠲᠠᠢ | ᠠᠷᠠᠳ ᠤᠨ ᠶᠡᠭᠡ ᠨᠠᠶᠢᠷ ᠲᠤ ᠲᠡᠷᠢᠭᠦᠯᠡᠪᠡ᠃ ᠬᠦᠷᠡᠩ ᠮᠣᠷᠢ ᠨᠢ 1995 ᠣᠨ ᠳᠤ ᠤᠤᠯ ᠤᠨ ᠪᠠᠶᠠᠨᠬᠦ᠋ᠭᠡᠪᠦᠷ | ᠰᠤᠮᠤᠨ ᠤ 512 ᠪᠦᠬᠡ ᠲᠠᠢ ᠠᠷᠠᠳ ᠤᠨ ᠶᠡᠭᠡ ᠨᠠᠶᠢᠷ ᠤᠨ ᠲᠠᠭ᠎ᠠ ᠶᠢᠨ ᠤᠷᠤᠯᠲᠤᠭᠠᠡ ᠳᠤ ᠳᠥᠷᠪᠡᠳᠦᠭᠡᠷ ᠲᠤ | ᠬᠤᠷᠳᠤᠯᠠᠪᠠ︔ 2000 ᠣᠨ ᠳᠤ ᠥᠩᠲᠦ ᠶᠢᠨ ᠣᠪᠣᠭᠠᠨ ᠤ ᠲᠠᠬᠢᠯᠭ᠎ᠠ ᠶᠢᠨ ᠨᠠᠶᠢᠷ ᠲᠤ ᠭᠤᠷᠪᠠᠳᠤᠭᠠᠷ ᠲᠤ | ᠬᠤᠷᠳᠤᠯᠠᠪᠠ᠃ ᠬᠠᠯᠲᠠᠷ ᠮᠣᠷᠢ ᠨᠢ 2007 ᠣᠨ ᠳᠤ ᠤᠤᠯ ᠤᠨ ᠡᠷᠢᠶᠡᠨᠭᠤᠪᠢ ᠰᠤᠮᠤᠨ ᠤ ᠬᠠᠷᠠᠭᠤᠯ ᠣᠪᠣᠭᠠᠨ ᠤ | ᠲᠠᠬᠢᠯᠭ᠎ᠠ ᠶᠢᠨ ᠨᠠᠶᠢᠷ ᠲᠤ ᠳᠡᠳ᠋ᠯᠡᠵᠦ᠂ ᠵᠡᠭᠦᠨ ᠦᠵᠦᠮᠦᠴᠢᠨ ᠬᠤᠰᠢᠭᠤᠨ ᠤ ᠰᠢᠨ᠎ᠡ ᠣᠨ ᠢᠶᠠᠨ ᠤᠭᠲᠤᠬᠤ ᠮᠣᠷᠢᠨ ᠤ | ᠤᠷᠤᠯᠳᠤᠭᠠᠨ ᠳᠤ ᠭᠤᠷᠪᠠᠳᠤᠭᠠᠷ ᠲᠤ᠂ ᠤᠤᠯ ᠤᠨ ᠪᠠᠶᠠᠨᠬᠦ᠋ᠭᠡᠪᠦᠷ ᠰᠤᠮᠤᠨ ᠤ ᠳᠤᠪᠤᠭᠵᠠᠪ ᠨᠠᠰᠤᠲᠠᠨ ᠤ ᠨᠠᠰᠤᠨ | ᠪᠠᠶᠠᠷ ᠤᠨ ᠨᠠᠶᠢᠷ ᠲᠤ ᠳᠣᠯᠣᠳᠤᠭᠠᠷ ᠲᠤ᠂ ᠲᠦᠭᠦᠷᠡᠩᠵᠠᠭᠠᠨ ᠣᠪᠣᠭᠠᠨ ᠤ ᠲᠠᠬᠢᠯᠭ᠎ᠠ ᠶᠢᠨ ᠨᠠᠶᠢᠷ ᠲᠤ | ᠨᠠᠢᠮᠠᠳᠤᠭᠠᠷ ᠲᠤ᠂ ᠳᠠᠭᠤᠲᠤᠨᠠᠭᠤᠷ ᠪᠠᠯᠭᠠᠰᠤᠨ ᠤ ᠰᠠᠭᠯᠠᠢ ᠣᠪᠣᠭᠠᠨ ᠤ ᠲᠠᠬᠢᠯᠭ᠎ᠠ ᠶᠢᠨ ᠨᠠᠶᠢᠷ ᠲᠤ ᠳᠥᠷᠪᠡᠳᠦᠭᠡᠷ ᠲᠤ᠂ | ᠤᠤᠯ ᠤᠨ ᠡᠷᠢᠶᠡᠨᠭᠤᠪᠢ ᠶᠢᠨ ᠶᠡᠬᠡᠠ᠋ᠭᠤᠯᠠ ᠣᠪᠣᠭᠠᠨ ᠤ ᠲᠠᠬᠢᠯᠭ᠎ᠠ ᠶᠢᠨ ᠨᠠᠶᠢᠷ ᠲᠤ ᠨᠠᠢᠮᠠᠳᠤᠭᠠᠷ ᠲᠤ᠂ | ᠳᠠᠭᠤᠲᠤᠨᠠᠭᠤᠷ ᠪᠠᠯᠭᠠᠰᠤᠨ ᠤ ᠨᠢᠭᠡ ᠨᠠᠰᠤᠲᠠᠨ ᠤ ᠨᠠᠰᠤᠨ ᠪᠠᠶᠠᠷ ᠤᠨ ᠨᠠᠶᠢᠷ ᠲᠤ ᠵᠢᠷᠭᠤᠳᠤᠭᠠᠷ ᠲᠤ ᠬᠤᠷᠳᠤᠯᠠᠵᠤ | ᠪᠠᠶᠢᠪᠠ᠃ ᠬᠡᠭᠡᠷ ᠮᠣᠷᠢ ᠨᠢ ᠳᠠᠭᠤᠲᠤᠨᠠᠭᠤᠷ ᠪᠠᠯᠭᠠᠰᠤᠨ ᠤ ᠵᠢᠰᠠ ᠶᠢᠨ ᠣᠪᠣᠭᠠᠨ ᠤ ᠲᠠᠬᠢᠯᠭ᠎ᠠ ᠶᠢᠨ ᠨᠠᠶᠢᠷ ᠲᠤ | ᠲᠠᠪᠤᠳᠤᠭᠠᠷ ᠲᠤ᠂ ᠤᠤᠯ ᠤᠨ ᠪᠠᠶᠠᠨᠬᠦ᠋ᠭᠡᠪᠦᠷ ᠰᠤᠮᠤᠨ ᠤ ᠵᠢᠷᠠᠨᠪᠤᠯᠠᠭ ᠭᠠᠴᠠᠭᠠᠨ ᠤ ᠳᠤᠩᠷᠤᠪ ᠨᠠᠰᠤᠲᠠᠨ ᠤ ᠨᠠᠶᠢᠷ ᠲᠤ | ᠨᠠᠢᠮᠠᠳᠤᠭᠠᠷ ᠲᠤ᠂ ᠬᠦᠷᠢᠶᠡᠲᠦᠨᠠᠭᠤᠷ ᠰᠤᠮᠤᠨ ᠤ ᠨᠢᠭᠡ ᠨᠠᠰᠤᠲᠠᠨ ᠤ ᠨᠠᠰᠤᠨ ᠪᠠᠶᠠᠷ ᠤᠨ ᠨᠠᠶᠢᠷ ᠲᠤ ᠳᠣᠯᠣᠳᠤᠭᠠᠷ ᠲᠤ᠂ | ᠮᠠᠨᠳᠤᠬᠤᠪᠤᠯᠠᠭ ᠪᠠᠯᠭᠠᠰᠤᠨ ᠤ ᠨᠢᠭᠡ ᠨᠠᠰᠤᠲᠠᠨ ᠤ ᠨᠠᠰᠤᠨ ᠪᠠᠶᠠᠷ ᠤᠨ ᠨᠠᠶᠢᠷ ᠲᠤ ᠵᠢᠷᠭᠤᠳᠤᠭᠠᠷ ᠲᠤ ᠬᠤᠷᠳᠤᠯᠠᠪᠠ᠃ | ᠬᠠᠯᠲᠠᠷ ᠦᠷᠢᠶ᠎ᠡ ᠨᠢ 2019 ᠣᠨ ᠳᠤ ᠵᠡᠭᠦᠨ ᠦᠵᠦᠮᠦᠴᠢᠨ ᠬᠤᠰᠢᠭᠤᠨ ᠤ ᠥᠩᠲᠦ ᠶᠢᠨ ᠣᠪᠣᠭᠠᠨ ᠤ | ᠲᠠᠬᠢᠯᠭ᠎ᠠ ᠶᠢᠨ ᠨᠠᠶᠢᠷ ᠲᠤ ᠳᠣᠯᠣᠳᠤᠭᠠᠷ ᠲᠤ᠂ ᠰᠡᠷᠲᠡᠡ ᠣᠪᠣᠭᠠᠨ ᠤ ᠲᠠᠬᠢᠯᠭ᠎ᠠ ᠶᠢᠨ ᠨᠠᠶᠢᠷ ᠲᠤ ᠠᠷᠪᠠᠳᠤᠭᠠᠷ ᠲᠤ | ᠬᠤᠷᠳᠤᠯᠠᠪᠠ᠃ ᠬᠡᠭᠡᠷ ᠰᠢᠳᠦᠯᠡᠩ ᠦᠷᠢᠶ᠎ᠡ ᠨᠢ 2019 ᠣᠨ ᠳᠤ ᠥᠩᠲᠦ ᠶᠢᠨ ᠣᠪᠣᠭᠠᠨ ᠤ ᠲᠠᠬᠢᠯᠭ᠎ᠠ ᠶᠢᠨ | ᠨᠠᠶᠢᠷ ᠲᠤ ᠳᠣᠯᠣᠳᠤᠭᠠᠷ ᠲᠤ ᠬᠤᠷᠳᠤᠯᠠᠪᠠ︔ 2020 ᠣᠨ ᠳᠤ ᠡᠵᠢᠨᠠᠭᠤᠷ ᠪᠠᠯᠭᠠᠰᠤᠨ ᠤ ᠨᠠᠶᠢᠷ ᠲᠤ | ᠠᠷᠪᠠᠳᠤᠭᠠᠷ ᠲᠤ ᠬᠤᠷᠳᠤᠯᠠᠪᠠ︔ 2014 ᠣᠨ ᠠᠴᠠ ᠭᠤᠷᠪᠠᠨ ᠬᠦᠷᠡᠩ ᠲᠠᠭ᠎ᠠ᠂ ᠬᠡᠭᠡᠷ ᠲᠠᠭ᠎ᠠ ᠵᠡᠷᠭᠡ ᠬᠡᠳᠦᠨ | ᠲᠠᠭ᠎ᠠ ᠤᠶᠠᠵᠤ ᠬᠤᠷᠳᠤᠯᠠᠭᠤᠯᠪᠠ︔ 2014 ᠣᠨ ᠳᠤ ᠶᠡᠭᠡ ᠬᠦᠷᠡᠩ ᠳᠠᠭ᠎ᠠ ᠨᠢ ᠥᠩᠲᠦ ᠶᠢᠨ ᠣᠪᠣᠭᠠᠨ ᠤ | ᠲᠠᠬᠢᠯᠭ᠎ᠠ ᠶᠢᠨ ᠨᠠᠶᠢᠷ ᠲᠤ ᠨᠠᠢᠮᠠᠳᠤᠭᠠᠷ ᠲᠤ ᠬᠤᠷᠳᠤᠯᠠᠪᠠ︔ 2015 ᠣᠨ ᠳᠤ ᠳᠤᠮᠳᠠ ᠬᠦᠷᠡᠩ ᠳᠠᠭ᠎ᠠ ᠨᠢ ᠰᠢᠨ᠎ᠡ | ᠰᠦᠮ᠎ᠡ ᠶᠢᠨ ᠲᠠᠯᠠᠯᠭᠠᠨ ᠨᠠᠶᠢᠷ ᠲᠤ ᠳᠣᠯᠣᠳᠤᠭᠠᠷ ᠲᠤ ᠬᠤᠷᠳᠤᠯᠠᠪᠠ︔ 2016 ᠣᠨ ᠳᠤ ᠪᠠᠭ᠎ᠠ ᠬᠦᠷᠡᠩ ᠳᠠᠭ᠎ᠠ | ᠨᠢ ᠰᠢᠨ᠎ᠡ ᠰᠦᠮ᠎ᠡ ᠶᠢᠨ ᠲᠠᠯᠠᠯᠭᠠᠨ ᠨᠠᠶᠢᠷ ᠲᠤ ᠵᠢᠷᠭᠤᠳᠤᠭᠠᠷ ᠲᠤ᠂ ᠬᠡᠭᠡᠷ ᠳᠠᠭ᠎ᠠ ᠨᠢ ᠨᠠᠢᠮᠠᠳᠤᠭᠠᠷ ᠲᠤ ᠬᠤᠷᠳᠤᠯᠠᠪᠠ᠃ | | ᠴᠣᠯᠮᠣᠨ ᠰᠠᠶᠢᠨ ᠪᠦᠬᠡ ᠰᠠᠶᠢᠨ ᠤᠶᠠᠭᠠᠴᠢ ᠮᠥᠷᠲᠡᠭᠡᠨ ᠰᠠᠶᠢᠨ ᠤᠷᠭᠠᠴᠢᠨ ᠶᠤᠮ᠃ ᠲᠡᠷᠡ ᠨᠤᠲᠤᠭ | ᠤᠰᠤᠡ ᠤ ᠪᠠᠨ ᠰᠠᠶᠢᠨ ᠲᠠᠭᠠᠷᠢᠲᠠᠭ 60 ᠭᠠᠷᠤᠢ ᠠᠵᠢᠷᠭ᠎ᠠ ᠶᠢ ᠬᠠᠶᠠᠵᠠᠢ᠃ 2018 ᠣᠨ ᠳᠤ 59 | ᠨᠠᠰᠤᠨ ᠳᠤ ᠪᠠᠨ ᠰᠤ · ᠵᠢᠷᠭᠠᠯ ᠤᠨ ᠰᠠᠶᠢᠨ ᠲᠠᠭᠠᠷᠢᠲᠠᠭ ᠬᠠᠷ᠎ᠠ ᠠᠵᠢᠷᠭ᠎ᠠ᠂ ᠥᠪᠡᠷ ᠤᠨ ᠬᠡᠭᠡᠷ ᠵᠡᠷᠭᠡ ᠭᠤᠷᠪᠠᠨ | ᠠᠵᠢᠷᠭ᠎ᠠ ᠶᠢ ᠤᠷᠭᠠᠯᠠᠨ ᠬᠠᠶᠠᠵᠠᠢ᠃ 2019 ᠣᠨ ᠳᠤ ᠵᠢᠷᠠᠨ ᠨᠠᠰᠤᠨ ᠳᠤ ᠪᠠᠨ ᠬᠤᠳᠠᠯᠠᠳᠡᠭᠦᠰ ᠤᠨ ᠰᠠᠶᠢᠨ | ᠲᠠᠭᠠᠷᠢᠲᠠᠭ ᠰᠢᠷᠭ᠎ᠠ ᠠᠵᠢᠷᠭ᠎ᠠ ᠶᠢ ᠤᠷᠭᠠᠯᠠᠨ ᠬᠠᠶᠠᠵᠤ ᠵᠠᠯᠠᠭᠤᠴᠤᠳ ᠤᠨ ᠠᠲᠠᠭ᠎ᠠ ᠶᠢ ᠬᠦᠷᠭᠡᠵᠦ ᠶᠠᠪᠤᠭᠰᠠᠨ ᠶᠤᠮ᠃ | ᠡᠨᠡ ᠵᠢᠯ ᠨᠤᠲᠤᠭ ᠤᠨ ᠬᠢᠨᠢ ᠳᠡᠭᠦᠦ ᠨᠠᠷ ᠠᠵᠢᠷᠭ᠎ᠠ ᠤᠷᠭᠠᠯᠠᠬᠤ ᠳᠤ ᠪᠠᠨ ᠴᠣᠯᠮᠣᠨ ᠭᠤᠸᠠᠢ ᠶᠢᠨ ᠬᠡᠭᠡᠷ ᠠᠵᠢᠷᠭ᠎ᠠ | ᠪᠣᠯᠣᠨ ᠬᠤᠸᠠ ᠠᠵᠢᠷᠭᠠᠨ ᠳᠤ ᠤᠷᠭ᠎ᠠ ᠠᠯᠳᠠᠭᠠᠳ ᠪᠠᠶᠢᠬᠤ ᠦᠶ᠎ᠡ ᠳᠤ᠂ ᠵᠢᠷᠠ ᠬᠦᠷᠦᠭᠰᠡᠨ ᠴᠣᠯᠮᠣᠨ ᠭᠤᠸᠠᠢ | ᠤᠷᠭ᠎ᠠ ᠰᠢᠭᠦᠷᠴᠦ ᠬᠤᠶᠠᠷ ᠠᠵᠢᠷᠭ᠎ᠠ ᠪᠠᠨ ᠴᠤᠪᠤᠭᠤᠯᠵᠤ ᠬᠠᠶᠠᠭᠠᠳ᠂ ᠬᠡᠦᠬᠡᠳ ᠳᠡᠭᠦᠦ ᠨᠠᠷ ᠲᠤ ᠪᠠᠨ ᠤᠷᠭᠠᠴᠢᠨ | ᠬᠥᠮᠥᠨ ᠤ ᠤᠷ᠎ᠠ ᠤᠬᠠᠭᠠᠨ ᠤᠷᠠᠨ ᠲᠡᠮ ᠶᠠᠮᠠᠷᠬᠠᠨ ᠪᠠᠶᠢᠳᠠᠭ ᠭᠡᠲᠡᠭ ᠢ ᠭᠠᠶᠢᠬᠠᠭᠤᠯᠵᠤ ᠪᠢᠯᠡ᠃ |