ᠬᠤᠭᠤᠯᠠᠲᠣ ᠶᠢᠨ ᠭᠤᠣᠯ ᠪᠠᠯᠭᠠᠰᠣᠨ ᠤ ᠣᠨᠳᠣᠷᠠᠬᠤ ᠭᠠᠴᠠᠭᠠᠨ ᠤ ᠮᠠᠯᠴᠢᠨ ᠡᠦ ᠭᠤᠸᠠᠩ ᠤᠨ ᠬᠢ ᠡᠭᠦᠯᠳᠡᠷ ᠤᠨ | ᠦᠭᠡᠷ ᠭᠤᠣᠯᠳᠠᠯᠭ᠎ᠠ ᠲᠠᠢ ᠮᠠᠯᠵᠢᠳᠠᠭ ᠡᠷᠦᠭᠡ ᠶᠢᠨ ᠨᠢᠭᠡ ᠪᠠᠶᠢᠵᠣ᠂ ᠣᠷᠴᠢᠮᠬᠠᠨ ᠪᠠᠰᠠ ᠨᠢᠭᠡ ᠪᠦᠯᠦᠭ ᠲᠣᠭᠤᠯ ᠢᠶᠠᠨ | ᠭᠠᠷᠭᠠᠯᠳᠠ ᠳᠤ ᠭᠠᠷᠭᠠᠵᠣ᠂ ᠡᠪᠦᠯ ᠬᠠᠪᠣᠷ ᠤᠨ ᠣᠨᠳᠣᠷᠣᠬᠤ ᠮᠠᠯ ᠤᠨ ᠲᠤᠭ᠎ᠠ ᠲᠣᠯᠣᠭᠠᠢ ᠳᠠᠭᠠᠨ ᠦᠷᠬᠦᠯᠵᠢᠯᠡᠨ | ᠲᠣᠬᠢᠷᠠᠭᠤᠯᠣᠯᠲᠠ ᠬᠢᠭᠰᠡᠨ ᠪᠠᠶᠢᠯ᠎ᠠ᠃ | ᠡᠦ ᠭᠤᠸᠠᠩ ᠪᠣᠯ ᠪᠠᠷᠠᠭᠤᠨ ᠦᠵᠦᠮᠦᠴᠢᠨ ᠬᠤᠰᠢᠭᠤᠨ ᠤ ᠪᠠᠨ ᠣᠯᠣᠰ ᠲᠦᠷᠦ ᠶᠢᠨ ᠵᠦᠪᠯᠡᠯᠬᠡᠨ ᠤ ᠠᠷᠪᠠᠨ | ᠭᠤᠷᠪᠠᠳᠣᠭᠠᠷ ᠬᠤᠭᠤᠴᠠᠭᠠᠨ ᠤ ᠵᠥᠪᠯᠡᠯᠭᠡᠨ ᠤ ᠬᠡᠰᠢᠬᠦᠨ ᠶᠣᠮ᠂ ᠲᠡᠷᠡ ᠠᠵᠢᠯ ᠠᠮᠢᠳᠣᠷᠠᠯ ᠢᠶᠠᠨ ᠵᠣᠬᠢᠴᠠᠭᠤᠯᠣᠨ ᠬᠦᠮᠦᠰ | ᠲᠡᠭᠡᠨ ᠲᠠᠭᠤᠷᠢᠶᠠᠯ ᠪᠣᠯᠬᠤ ᠶᠢᠨ ᠲᠠᠭᠠᠣ ᠣᠯᠣᠰ ᠲᠦᠷᠦ ᠶᠢᠨ ᠵᠦᠪᠯᠡᠯᠬᠡᠨ ᠤ ᠬᠡᠰᠢᠭᠦᠨ ᠪᠣᠯᠣᠭᠰᠠᠨ ᠤ ᠬᠤᠪᠢ ᠪᠠᠷ ᠠᠵᠢᠯ | ᠤᠨ ᠢᠶᠠᠨ ᠴᠢᠯᠦᠭᠡ ᠴᠠᠭ ᠢᠶᠠᠷ ᠭᠠᠴᠠᠭᠠᠨ ᠤ ᠪᠠᠨ ᠮᠠᠯᠴᠢᠳ ᠲᠠᠢ ᠢᠳᠡᠪᠬᠢᠳᠡᠢ ᠬᠠᠷᠢᠯᠴᠠᠨ᠂ ᠬᠤᠷᠠᠯ ᠤᠨ ᠵᠣᠷᠢᠭ ᠰᠠᠨᠠᠭ᠎ᠠ | ᠶᠢ ᠣᠬᠠᠭᠤᠯᠣᠨ᠂ ᠮᠠᠯ ᠠᠵᠣ ᠠᠬᠤᠢ᠂ ᠮᠠᠯ ᠤᠨ ᠭᠠᠷᠭᠠᠯᠲᠠ᠂ ᠮᠠᠯ ᠪᠡᠯᠴᠢᠭᠡᠷ ᠤᠨ ᠲᠡᠩᠴᠡᠬᠦᠷᠢ ᠵᠡᠷᠭᠡ ᠲᠠᠯ᠎ᠠ ᠪᠠᠷ ᠰᠠᠨᠠᠯ | ᠪᠣᠳᠣᠯ ᠢᠶᠠᠨ ᠰᠣᠯᠢᠯᠴᠠᠭᠰᠠᠭᠠᠷ ᠢᠷᠡᠵᠡᠢ᠃ | 2024 ᠣᠨ ᠤ ᠡᠬᠢᠨ ᠳᠤ ᠡᠦ ᠭᠤᠸᠠᠩ ᠬᠤᠰᠢᠭᠤᠨ ᠤ ᠪᠠᠨ ᠬᠤᠶᠠᠷ ᠬᠤᠷᠠᠯ ᠳᠤ ᠣᠷᠣᠯᠴᠠᠬᠤ ᠳᠠᠭᠠᠨ ᠬᠡᠰᠢᠭᠦᠳ | ᠲᠦᠯᠦᠭᠡᠯᠡᠭᠴᠢᠳ ᠤᠨ ᠨᠢᠭᠡ ᠪᠣᠯᠣᠭᠰᠠᠨ ᠤ ᠬᠤᠪᠢ ᠳᠤ ᠬᠤᠷᠠᠯ ᠠᠴᠠ ᠡᠮᠦᠨ᠎ᠡ ᠮᠠᠯᠴᠢᠳ ᠤᠨ ᠢᠶᠠᠨ ᠲᠣᠮᠳᠠ ᠠᠴᠠ ᠰᠠᠨᠠᠯ | ᠵᠦᠪᠯᠡᠯᠭᠡ ᠬᠤᠷᠢᠶᠠᠵᠣ᠂ ᠭᠠᠴᠠᠭ᠎ᠠ ᠪᠣᠯᠭᠠᠨ ᠳᠤ ᠨᠡᠪᠲᠡᠷᠡᠬᠦ ᠵᠠᠰᠠᠮᠠᠯ ᠵᠠᠮ ᠤᠨ ᠦᠨᠳᠦᠰᠦᠨ ᠪᠦᠳᠦᠭᠡᠨ ᠪᠠᠶᠢᠭᠤᠯᠣᠯᠲᠠ ᠶᠢᠨ | ᠠᠵᠢᠯ ᠢ ᠰᠠᠶᠢᠨ ᠬᠢᠬᠦ ᠪᠠ ᠦᠭᠡᠷ ᠤᠨ ᠮᠢᠬ᠎ᠠ ᠶᠢ ᠨᠠᠷᠢᠯᠢᠭ ᠡᠳ᠋ᠰᠢᠬᠦᠯᠬᠦ ᠬᠢᠭᠡᠳ ᠰᠢᠨ᠎ᠡ ᠰᠣᠷᠭᠤᠭ ᠬᠦᠯᠳᠡᠭᠡᠭᠰᠡᠨ | ᠢᠳᠡᠭᠡᠨ ᠢ ᠭᠠᠳᠠᠭᠰᠢ ᠭᠠᠷᠭᠠᠬᠤ ᠪᠣᠳᠠᠰ ᠤᠨ ᠬᠦᠢᠯᠭᠡᠭᠡᠨ ᠤ ᠬᠤᠯᠪᠣᠭᠠᠰᠣ ᠶᠢᠨ ᠲᠣᠬᠠᠢ ᠭᠡᠬᠦ ᠬᠤᠶᠠᠷ ᠰᠠᠨᠠᠯ ᠵᠦᠪᠯᠡᠯᠭᠡ | ᠪᠠᠨ ᠲᠡᠪᠰᠢᠬᠦᠯᠦᠭᠰᠡᠨ ᠪᠠᠶᠢᠨ᠎ᠠ᠃ | ᠨᠢᠭᠡᠨ ᠦᠨᠳᠦᠰᠦᠨ ᠱᠠᠳᠣᠨ ᠤ ᠣᠯᠣᠰ ᠲᠦᠷᠦ ᠶᠢᠨ ᠵᠦᠪᠯᠡᠯᠬᠡᠨ ᠤ ᠬᠡᠰᠢᠬᠦᠨ ᠪᠣᠯᠣᠭᠰᠠᠨ ᠤ ᠬᠤᠪᠢ ᠳᠤ᠂ ᠡᠦ ᠭᠤᠸᠠᠩ | ᠮᠠᠯᠴᠢᠳ ᠤᠨ ᠲᠣᠮᠳᠠ ᠬᠦᠨᠵᠡᠭᠡᠶᠢᠷᠡᠵᠦ᠂ ᠲᠡᠳᠡᠨ ᠤ ᠪᠣᠳᠣᠯ ᠰᠡᠳᠬᠢᠯ ᠢ ᠣᠶᠢᠯᠠᠭᠠᠨ ᠰᠠᠨᠠᠯ ᠪᠣᠳᠣᠯ ᠢ ᠨᠢ ᠲᠠᠮᠵᠢᠭᠤᠯᠬᠤ | ᠬᠦᠭᠦᠷᠬᠡ ᠬᠤᠯᠪᠣᠭᠠᠰᠣ ᠶᠢᠨ ᠦᠢᠯᠡᠳᠦᠯ ᠢᠶᠠᠨ ᠦᠷᠬᠦᠯᠵᠢᠯᠡᠨ ᠪᠠᠳᠠᠷᠠᠭᠤᠯᠵᠣ᠂ ᠡᠭᠦᠷᠬᠡ ᠬᠠᠷᠢᠭᠤᠴᠠᠯᠭ᠎ᠠ ᠪᠠᠨ ᠰᠠᠶᠢᠨ | ᠪᠡᠶᠡᠯᠡᠬᠦᠯᠬᠦ ᠪᠠᠷ ᠴᠢᠷᠮᠠᠶᠢᠵᠣ ᠶᠠᠪᠣᠨ᠎ᠠ᠃ | ᠣᠯᠣᠰ ᠲᠦᠷᠦ ᠶᠢᠨ ᠵᠦᠪᠯᠡᠯᠭᠡᠨ ᠤ ᠬᠡᠰᠢᠬᠦᠨ ᠡᠦ ᠭᠤᠸᠠᠩ᠄︽ᠪᠢ ᠦᠨᠳᠦᠰᠦᠨ ᠱᠠᠳᠣᠨ ᠤ ᠣᠯᠣᠰ ᠲᠦᠷᠦ ᠶᠢᠨ | ᠵᠦᠪᠯᠡᠯᠭᠡᠨ ᠤ ᠬᠡᠰᠢᠬᠦᠨ ᠪᠣᠯᠣᠭᠰᠠᠨ ᠤ ᠬᠤᠪᠢ ᠳᠤ ᠮᠠᠯᠴᠢᠳ ᠤᠨ ᠲᠣᠮᠳᠠᠬᠢ ᠪᠠᠶᠢᠳᠠᠯ᠂ ᠮᠠᠯ ᠠᠵᠣ ᠠᠬᠤᠢ ᠳᠤ ᠢᠯᠡᠬᠦᠦ | ᠠᠩᠬᠠᠷᠣᠯ ᠲᠠᠯᠪᠢᠳᠠᠭ᠃ ᠥᠩᠭᠡᠷᠡᠭᠰᠡᠨ ᠬᠤᠭᠤᠴᠠᠭᠠᠨ ᠤ ᠬᠤᠷᠠᠯ ᠳᠤ ᠪᠢ ᠭᠤᠣᠯ ᠨᠢ ᠰᠢᠨ᠎ᠡ ᠰᠣᠷᠭᠤᠭ ᠣᠯᠠᠭᠠᠨ | ᠢᠳᠡᠭᠡᠨ ᠢ ᠭᠠᠳᠠᠭᠰᠢ ᠪᠣᠷᠣᠯᠠᠭᠤᠯᠬᠤ ᠳᠤ ᠭᠤᠪᠢᠭᠤᠯᠭ᠎ᠠ ᠶᠢᠨ ᠦᠨ᠎ᠡ ᠦᠨᠳᠦᠷ ᠪᠠᠶᠢᠭ᠎ᠠ ᠪᠠᠶᠢᠳᠠᠯ ᠢ ᠲᠣᠰᠬᠠᠭᠰᠠᠨ᠂ | ᠬᠤᠰᠢᠭᠤᠨ ᠠᠴᠠ ᠴᠦ ᠡᠨᠡᠬᠦ ᠪᠠᠶᠢᠳᠠᠯ ᠳᠤ ᠣᠳᠣᠬᠠᠨ ᠶᠠᠭ ᠠᠩᠬᠠᠷᠣᠯ ᠬᠠᠨᠳᠣᠭᠤᠯᠵᠣ ᠪᠠᠶᠢᠨ᠎ᠠ᠃ ᠣᠳᠣᠬᠠᠨ ᠳᠤ ᠪᠢᠳᠡ | ᠴᠦᠭᠡᠨ ᠮᠠᠯᠵᠢᠵᠣ ᠰᠢᠯᠢᠳᠡᠭ ᠮᠠᠯᠵᠢᠬᠤ᠂ ᠮᠠᠯ ᠪᠡᠯᠴᠢᠭᠡᠷ ᠤᠨ ᠲᠠᠩᠴᠡᠭᠦᠷᠢ ᠶᠢ ᠪᠠᠳᠣᠯᠠᠬᠤ ᠲᠠᠯ᠎ᠠ ᠳᠤ ᠢᠯᠡᠬᠦᠦ ᠠᠩᠬᠠᠷᠣᠯ | ᠲᠠᠯᠪᠢᠵᠣ ᠪᠠᠶᠢᠨ᠎ᠠ᠃ | | | | | |