ᠰᠢᠨᠬᠤᠸᠠ ᠬᠤᠷᠢᠶ᠎ᠠ ᠶᠢᠨ ᠪᠡᠭᠡᠵᠢᠩ ᠤᠨ 11 ᠰᠠᠷ᠎ᠠ ᠶᠢᠨ 25 ᠤ ᠴᠠᠭᠢᠯᠭᠠᠨ ᠮᠡᠳᠡᠭᠡ ᠳᠣᠮᠳᠠᠳᠤ ᠤᠯᠤᠰ ᠤᠨ ᠡᠪ | ᠬᠠᠮᠲᠤ ᠨᠠᠮ ᠤᠨ ᠲᠥᠪ ᠬᠤᠷᠢᠶ᠎ᠠ ᠶᠢᠨ ᠨᠠᠮ ᠤᠨ ᠲᠡᠦᠬᠡ ᠪᠣᠯᠣᠨ ᠲᠤᠯᠭᠤᠷ ᠪᠢᠴᠢᠭ ᠤᠨ ᠰᠤᠳᠤᠯᠭᠠᠨ ᠤ ᠬᠦᠷᠢᠶᠡᠯᠡᠩ ᠤᠨ | ᠣᠷᠴᠢᠭᠤᠯᠤᠭᠰᠠᠨ ︽ᠰᠢ ᠶᠢᠨ ᠫᠢᠩ ᠤᠨ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢᠨ ᠲᠤᠬᠠᠢ | ᠥᠭᠦᠯᠡᠯᠲᠡ ᠶᠢᠨ ᠲᠡᠭᠦᠪᠦᠷᠢ︾ ᠭᠡᠬᠦ ᠨᠣᠮ ᠤᠨ ᠠᠷᠠᠪ ᠬᠡᠯᠡᠨ ᠤ ᠬᠡᠪᠯᠡᠯ ᠢ ᠣᠶᠢᠷ᠎ᠠ ᠶᠢᠨ ᠡᠳᠦᠷ ᠲᠥᠪ ᠤᠨ ᠨᠠᠶᠢᠷᠠᠭᠤᠯᠤᠨ | ᠣᠷᠴᠢᠭᠤᠯᠬᠤ ᠬᠡᠪᠯᠡᠯ ᠤᠨ ᠬᠤᠷᠢᠶ᠎ᠠ ᠠᠴᠠ ᠬᠡᠪᠯᠡᠭᠦᠯᠵᠦ᠂ ᠤᠯᠤᠰ ᠤᠨ ᠳᠣᠲᠣᠭᠠᠳᠤ ᠭᠠᠳᠠᠭᠠᠳᠤ ᠳᠤ ᠲᠠᠷᠬᠠᠭᠠᠪᠠ᠃
| ︽ᠰᠢ ᠶᠢᠨ ᠫᠢᠩ ᠤᠨ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢᠨ ᠲᠤᠬᠠᠢ ᠥᠭᠦᠯᠡᠯᠲᠡ ᠶᠢᠨ ᠲᠡᠭᠦᠪᠦᠷᠢ︾ ᠶᠢ | ᠳᠤᠮᠳᠠᠳᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶ᠎ᠠ ᠶᠢᠨ ᠨᠠᠮ ᠤᠨ ᠲᠡᠦᠬᠡ ᠪᠠ ᠲᠤᠯᠭᠤᠷ ᠪᠢᠴᠢᠭ ᠤᠨ | ᠰᠤᠳᠤᠯᠭᠠᠨ ᠤ ᠬᠦᠷᠢᠶᠡᠯᠡᠩ ᠠᠴᠠ ᠨᠠᠶᠢᠷᠠᠭᠤᠯᠵᠤ᠂ ᠰᠢ ᠶᠢᠨ ᠫᠢᠩ ᠨᠥᠬᠦᠷ ᠤᠨ ᠳᠤᠮᠳᠠᠳᠤ ᠤᠯᠤᠰ ᠤᠨ ᠮᠠᠶ᠋ᠢᠭ ᠤᠨ | ᠣᠳᠣᠬᠢᠴᠢᠯᠠᠯᠲᠠ ᠶᠢᠨ ᠲᠣᠭᠤᠷᠢᠨ ᠳᠤ ᠨᠡᠶᠢᠲᠡᠯᠡᠭᠰᠡᠨ ᠠᠯᠢ ᠤᠯᠠᠨ ᠴᠢᠬᠤᠯᠠ ᠥᠭᠦᠯᠡᠯᠲᠡ ᠶᠢ ᠣᠷᠣᠭᠤᠯᠵᠠᠢ᠃ ᠲᠤᠰ | ᠨᠣᠮ ᠤᠨ ᠠᠷᠠᠪ ᠬᠡᠯᠡᠨ ᠤ ᠬᠡᠪᠯᠡᠯ ᠪᠣᠯᠣᠨ ᠡᠮᠦᠨ᠎ᠡ ᠬᠡᠪᠯᠡᠭᠳᠡᠭᠰᠡᠨ ᠠᠩᠭ᠍ᠯᠢ ᠭᠡᠯᠡ᠂ ᠹᠷᠠᠨᠼᠢ ᠭᠡᠯᠡ᠂ ᠣᠷᠣᠰ ᠬᠡᠯᠡᠨ ᠤ ᠬᠡᠪᠯᠡᠯ | ᠨᠢ ᠭᠠᠳᠠᠭᠠᠳᠤ ᠶᠢᠨ ᠤᠩᠰᠢᠭᠴᠢᠳ ᠤᠨ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢᠨ ᠣᠨᠣᠯ ᠤᠨ ᠰᠢᠰᠲ᠋ᠧᠮ | ᠪᠠ ᠦᠢᠯᠡᠳᠦᠯᠭᠡ ᠶᠢᠨ ᠱᠠᠭᠠᠷᠳᠠᠯᠭ᠎ᠠ ᠶᠢ ᠭᠦᠨᠵᠡᠭᠡᠢ ᠣᠶᠢᠯᠠᠭᠠᠵᠤ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠳᠤᠮᠳᠠᠳᠤ | ᠤᠯᠤᠰ ᠤᠨ ᠠᠷᠠᠳ ᠲᠦᠮᠡᠨ ᠢ ᠪᠦᠯᠬᠦᠮᠳᠡᠭᠦᠯᠦᠨ ᠳᠠᠭᠠᠭᠤᠯᠵᠤ ᠠᠮᠵᠢᠯᠲᠠ ᠲᠠᠢ ᠪᠠᠷ ᠨᠡᠭᠡᠭᠡᠭᠰᠡᠨ ᠳᠤᠮᠳᠠᠳᠤ ᠤᠯᠤᠰ ᠤᠨ | ᠮᠠᠶ᠋ᠢᠭ ᠤᠨ ᠣᠳᠣᠬᠢᠴᠢᠯᠠᠯᠲᠠ ᠶᠢᠨ ᠰᠢᠨ᠎ᠡ ᠵᠠᠮ᠂ ᠡᠭᠦᠳᠦᠨ ᠪᠦᠲᠦᠭᠡᠭᠰᠡᠨ ᠬᠥᠮᠥᠨ ᠲᠥᠷᠥᠯᠬᠢᠲᠡᠨ ᠤ ᠪᠣᠯᠪᠠᠰᠤᠨ ᠤ ᠰᠢᠨ᠎ᠡ | ᠭᠡᠯᠪᠡᠷᠢ ᠪᠠᠶᠢᠳᠠᠯ᠂ ᠢᠯᠡᠷᠡᠭᠦᠯᠦᠭᠰᠡᠨ ᠣᠳᠣᠬᠢᠴᠢᠯᠠᠯᠲᠠ ᠶᠢᠨ ᠰᠢᠨ᠎ᠡ ᠵᠢᠷᠤᠭ ᠲᠥᠰᠥᠪ ᠢ ᠭᠦᠨᠵᠡᠭᠡᠢ ᠣᠶᠢᠯᠠᠭᠠᠵᠤ᠂ ᠳᠡᠯᠡᠬᠡᠢ | ᠨᠡᠶᠢᠭᠡᠮ ᠢᠶᠠᠷ ᠢᠶᠠᠨ ᠭᠠᠷ ᠬᠤᠯᠪᠣᠯᠴᠠᠨ ᠣᠳᠣᠬᠢᠴᠢᠯᠠᠯᠲᠠ ᠶᠢᠨ ᠵᠠᠮ ᠢᠶᠠᠷ ᠬᠠᠮᠲᠤ ᠪᠠᠷ ᠵᠠᠮᠨᠠᠵᠤ᠂ ᠡᠩᠬᠡ ᠲᠠᠶᠢᠪᠤᠩ | ᠬᠥᠭᠵᠢᠵᠦ᠂ ᠬᠠᠷᠢᠯᠴᠠᠨ ᠠᠰᠢᠭᠲᠠᠢ ᠬᠠᠮᠲᠤᠷᠠᠯᠴᠠᠭ᠎ᠠ ᠬᠢᠵᠦ᠂ ᠬᠠᠮᠲᠤ ᠳᠠᠭᠠᠨ ᠮᠠᠨᠳᠤᠨ ᠪᠠᠳᠠᠷᠠᠭᠰᠠᠨ ᠳᠡᠯᠡᠬᠡᠢ ᠶᠢᠨ | ᠣᠳᠣᠬᠢᠴᠢᠯᠠᠯᠲᠠ ᠶᠢᠨ ᠬᠠᠮᠲᠤ ᠶᠢᠨ ᠲᠠᠨᠢᠯᠲᠠ ᠶᠢ ᠴᠢᠩᠭᠠᠳᠬᠠᠬᠤ ᠳᠤ ᠴᠢᠬᠤᠯᠠ ᠠᠴᠢ ᠬᠤᠯᠪᠣᠭᠳᠠᠯ ᠲᠠᠢ ᠶᠤᠮ᠃ |