ᠪᠠᠷᠠᠭᠤᠨ ᠦᠵᠦᠮᠦᠴᠢᠨ ᠬᠤᠰᠢᠭᠤᠨ ᠳᠤ ᠡᠶᠢᠮᠦ ᠨᠢᠭᠡ ᠪᠦᠯᠦᠭ ᠬᠦᠮᠦᠰ ᠦᠬᠢᠶᠠᠮᠤᠷ ᠰᠠᠶᠢᠬᠠᠨ ᠰᠠᠳᠬᠢᠯ ᠢᠶᠠᠷ | ᠬᠠᠶᠢᠷ᠎ᠠ ᠶᠢᠨ ᠬᠠᠯᠠᠭᠤᠨ ᠭᠠᠷ ᠢᠶᠠᠨ ᠰᠣᠩᠭᠠᠵᠦ᠂ ᠭᠦᠴᠢᠷᠳᠠᠯᠳᠠᠢ ᠬᠡᠣᠬᠡᠳ ᠲᠤ ᠡᠨᠠᠷᠢᠯ ᠢ ᠡᠳᠠᠯᠠᠬᠦᠯᠵᠦ ᠪᠤᠢ᠃ ᠡᠳᠠᠬᠡᠷ | ᠬᠦᠮᠦᠰ ᠪᠤᠯ ︽ᠡᠨᠡᠷᠢᠩᠬᠦᠢ ᠠᠨᠢᠶ᠎ᠠ︾ ᠪᠤᠯᠤᠨ᠎ᠠ᠃ | ᠪᠠᠷᠠᠭᠤᠨ ᠦᠵᠦᠮᠦᠴᠢᠨ ᠬᠤᠰᠢᠭᠤᠨ ᠤ ᠵᠢᠷᠠᠨᠭᠤᠣᠯ ᠪᠠᠯᠭᠠᠰᠤᠨ ᠤ ᠵᠢᠭᠠᠰᠣᠳᠠᠢ ᠭᠠᠴᠠᠭᠠᠨ ᠤ ᠬᠠᠰᠪᠢᠯᠢᠭ᠌ ᠪᠣᠯ ︽ | ᠲᠠᠮ ᠲᠠᠮ ᠳᠡᠭᠡᠨ︾ ᠡᠨᠠᠷᠢᠩᠬᠦᠢ ᠠᠨᠢᠶ᠎ᠠ ᠶᠢᠨ ᠪᠦᠯᠬᠦᠮ ᠨᠢᠭᠡ ᠭᠡᠰᠢᠭᠦᠨ ᠪᠣᠯᠣᠨ᠎ᠠ᠃ ᠲᠠᠷᠠ ᠭᠠᠴᠠᠭᠠᠨ ᠤ ᠪᠠᠨ ᠡᠭᠡᠴᠢ | ᠳᠡᠭᠦᠦ ᠨᠠᠷ ᠲᠠᠢ ᠪᠠᠨ ᠰᠠᠳᠬᠢᠯ ᠨᠢᠬᠡᠳᠣᠨ᠂ ᠬᠦᠴᠢᠷᠳᠠᠯᠳᠠᠢ ᠬᠡᠣᠬᠡᠳ ᠤᠳ ᠲᠤ ᠬᠠᠶᠢᠷ᠎ᠠ ᠬᠠᠯᠠᠮᠵᠢ ᠭᠦᠷᠬᠡᠬᠦ ᠠᠶᠠᠯᠠᠯ | ᠢᠶᠠᠨ ᠡᠬᠢᠯᠠᠬᠦᠯᠵᠦ᠂ ᠪᠤᠶᠠᠨᠰᠠᠭ ᠦᠢᠯᠠ ᠠᠵᠢᠯᠯᠠᠭ᠎ᠠ ᠪᠠᠷ ᠢᠶᠠᠨ ᠨᠠᠶᠢᠬᠡᠮ ᠲᠠᠶᠠᠭᠠᠷ ᠲᠤ ᠦᠪᠡᠷ ᠤᠨ ᠬᠤᠪᠢ ᠨᠠᠮᠡᠷᠢ᠂ | ᠬᠦᠴᠦᠨ ᠵᠢᠳᠬᠦᠯ ᠢᠶᠠᠨ ᠦᠵᠡᠬᠦᠯᠵᠦ ᠶᠠᠪᠤᠨ᠎ᠠ᠃ | ︽ᠲᠠᠮ ᠲᠠᠮ ᠳᠡᠭᠡᠨ︾ ᠡᠨᠠᠷᠢᠩᠬᠦᠢ ᠠᠨᠢᠶ᠎ᠠ ᠶᠢᠨ ᠪᠦᠯᠬᠦᠮ ᠨᠢ ᠶᠠᠳᠠᠷᠠᠯ ᠵᠦᠳᠡᠷᠡᠯ ᠢ ᠬᠠᠶᠢᠬᠤᠷᠤᠯ ᠦᠭᠡᠢ ᠪᠠᠷ | ᠮᠠᠯᠵᠢᠬᠤ ᠣᠷᠣᠨ ᠤ ᠡᠯ᠎ᠡ ᠵᠦᠢᠯ ᠤᠨ ᠬᠤᠭ ᠨᠣᠪᠰᠢ ᠶᠢ ᠨᠠᠷᠢᠨ ᠢᠯᠭᠠᠵᠤ ᠬᠤᠳᠠᠯᠳᠣᠵᠦ᠂ ᠪᠠᠯᠠ ᠮᠦᠩᠬᠦ ᠬᠤᠷᠠᠮᠳᠣᠭᠤᠯᠤᠨ | ᠬᠡᠣᠬᠡᠳ ᠤᠳ ᠲᠤ ᠲᠠᠮᠵᠢᠯᠬᠡ ᠦᠵᠡᠬᠦᠯᠳᠡᠭ ᠪᠠᠶᠢᠨ᠎ᠠ᠃ ᠮᠥᠩᠭᠦ ᠪᠦᠷᠢ ᠳᠤ ᠲᠡᠳᠡᠨ ᠤ ᠬᠦᠴᠦ ᠬᠥᠯᠥᠰᠦ ᠪᠣᠯᠣᠨ ᠬᠦᠰᠡᠯ | ᠡᠷᠡᠮᠡᠯᠵᠡᠯ ᠰᠢᠩᠭᠡᠵᠦ ᠪᠠᠶᠢᠳᠠᠭ᠃ | ᠡᠨᠡ ᠤᠳᠠᠭ᠎ᠠ᠂ ᠲᠠᠳᠠ ᠬᠤᠭ ᠨᠣᠪᠰᠢ ᠶᠢ ᠲᠥᠷᠥᠯ ᠬᠤᠪᠢᠶᠠᠨ ᠬᠤᠳᠠᠯᠳᠣᠵᠦ ᠴᠤᠭᠯᠠᠭᠤᠯᠤᠭᠰᠠᠨ ᠪᠡᠯᠡ ᠮᠥᠩᠭᠦ ᠪᠠᠷ | ᠢᠶᠠᠨ ᠰᠤᠷᠤᠯᠭ᠎ᠠ ᠶᠢᠨ ᠬᠡᠷᠡᠭᠰᠡᠯ ᠵᠢᠴᠢ 7200 ᠲᠥᠭᠦᠷᠢᠭ ᠤᠨ ᠰᠤᠷᠤᠯᠭ᠎ᠠ ᠵᠢᠨᠮᠥ᠋ᠩᠭᠦ ᠪᠠᠨ ᠠᠪᠴᠤ ᠪᠠᠷᠠᠭᠤᠨ | ᠦᠵᠦᠮᠦᠴᠢᠨ ᠬᠤᠰᠢᠭᠤᠨ ᠤ ᠭᠤᠷᠪᠠᠳᠤᠭᠠᠷ ᠪᠠᠭ᠎ᠠ ᠰᠤᠷᠭᠠᠭᠤᠯᠢ ᠳᠤ ᠢᠷᠡᠵᠦ᠂ ᠲᠤᠰᠠᠯᠠᠮᠵᠢ ᠱᠠᠭᠠᠷᠳᠠᠯᠭ᠎ᠠ ᠲᠠᠢ ᠬᠡᠣᠬᠡᠳ | ᠲᠤ ᠬᠠᠨᠳᠢᠪᠯᠠᠭᠰᠠᠨ ᠮᠦᠷᠳᠠᠬᠡᠨ ᠬᠡᠦᠬᠡᠳ ᠤᠳ ᠲᠤ ᠮᠣᠩᠭᠤᠯ ᠲᠡᠷᠯᠢᠭ ᠣᠶᠣᠵᠤ ᠦᠭᠴᠦ᠂ ᠬᠡᠦᠬᠡᠳ ᠤᠨ ᠰᠤᠷᠤᠯᠭ᠎ᠠ | ᠠᠮᠢᠳᠤᠷᠠᠯ ᠤᠨ ᠪᠠᠶᠢᠳᠠᠯ ᠢ ᠯᠠᠪᠯᠠᠨ ᠠᠰᠠᠭᠤᠵᠤ᠂ ᠬᠡᠦᠬᠡᠳ ᠢ ᠪᠠᠶ᠎ᠠ ᠳᠤ ᠪᠠᠨ ᠢᠳᠠᠬᠡᠯ ᠲᠠᠢ᠂ ᠪᠡᠶ᠎ᠡ ᠪᠠᠨ ᠳᠠᠭᠠᠭᠠᠬᠤ | ᠴᠢᠳᠠᠪᠤᠷᠢ ᠲᠠᠢ᠂ ᠡᠷᠡᠭᠦᠯ ᠢᠶᠠᠷ ᠦᠰᠦᠨ ᠪᠣᠶᠢᠵᠢᠬᠤ ᠶᠢ ᠨᠢ ᠵᠤᠷᠢᠭᠵᠢᠭᠤᠯᠤᠭᠰᠠᠨ ᠪᠠᠶᠢᠨ᠎ᠠ᠃ | ᠪᠠᠷᠠᠭᠤᠨ ᠦᠵᠦᠮᠦᠴᠢᠨ ᠬᠤᠰᠢᠭᠤᠨ ᠤ ᠡᠮᠡᠭᠲᠡᠶᠢᠴᠦᠳ ᠤᠨ ᠬᠤᠯᠪᠤᠭᠠᠳᠣ ᠬᠤᠷᠠᠯ ︽ᠡᠨᠠᠷᠢᠩᠬᠦᠢ ᠠᠨᠢᠶ᠎ᠠ︾ ᠶᠢᠨ | ᠪᠦᠯᠬᠦᠮ ᠤᠨ ᠠᠵᠢᠯ ᠢ ᠴᠢᠬᠤᠯᠠᠴᠢᠯᠠᠨ ᠠᠳᠬᠤᠵᠦ᠂ ᠬᠡᠦᠬᠡᠳ ᠢ ᠬᠠᠶᠢᠷᠠᠯᠠᠨ ᠬᠠᠯᠠᠮᠵᠢᠯᠠᠬᠤ ᠰᠠᠶᠢᠨ ᠳᠤᠷ᠎ᠠ ᠶᠢᠨ | ᠦᠢᠯᠡᠴᠢᠯᠡᠭᠡᠨ ᠤ ᠪᠦᠯᠬᠦᠮ ᠢ ᠵᠣᠬᠢᠶᠠᠨ ᠪᠠᠶᠢᠭᠤᠯᠵᠤ ᠂ ᠡᠯ᠎ᠡ ᠱᠠᠲᠤᠨ ᠤ ᠡᠮᠡᠭᠲᠡᠶᠢᠴᠦᠳ ᠤᠨ ᠬᠤᠯᠪᠣᠭᠠᠲᠤ ᠬᠤᠷᠠᠯ ᠤᠨ | ᠺᠠᠳ᠋ᠷᠴᠤᠳ᠂ ᠭᠦᠢᠴᠡᠳᠬᠡᠬᠦ ᠺᠣᠮᠢᠰ ᠤᠨ ᠭᠡᠰᠢᠭᠦᠨ ᠢᠳᠡᠪᠬᠢᠲᠡᠢ ᠪᠠᠷ ᠲᠡᠷᠢᠭᠦᠯᠡᠵᠦ᠂ ︽3.8︾ ᠶᠢᠨ ᠤᠯᠠᠭᠠᠨ ᠲᠤᠭᠴᠢ᠂ | ᠡᠮᠡᠭᠲᠡᠢ ᠰᠠᠶᠢᠨ ᠲᠤᠷᠠᠴᠣᠳ ᠵᠡᠷᠬᠡ ᠶᠢ ᠤᠷᠠᠶᠢᠯᠠᠨ ᠲᠠᠶᠢᠴᠢᠯᠠᠵᠦ᠂ 2023 ᠣᠨ ᠪᠣᠯᠬᠤ ᠳᠤ᠂ ᠡᠯ᠎ᠡ ᠦᠨᠳᠦᠰᠦᠨ | ᠱᠠᠲᠤᠨ ᠤ ᠡᠮᠡᠭᠲᠡᠶᠢᠴᠦᠳ ᠤᠨ ᠬᠤᠯᠪᠣᠭᠠᠲᠤ ᠬᠤᠷᠠᠯ ᠴᠤ ︽ᠡᠨᠡᠷᠢᠩᠬᠦᠢ ᠠᠨᠢᠶ᠎ᠠ︾ ᠶᠢᠨ ᠪᠦᠯᠬᠦᠮ ᠢ ᠪᠠᠶᠢᠭᠤᠯᠵᠤ᠂ | ᠪᠦᠬᠦ ᠬᠤᠰᠢᠭᠤᠨ ᠤ ᠡᠨᠡᠷᠢᠩᠬᠦᠢ ᠠᠨᠢᠶ᠎ᠠ ᠨᠢᠭᠡᠨᠲᠡ 724 ᠬᠥᠮᠥᠨ ᠳᠤ ᠭᠦᠷᠴᠠᠢ᠃ | ᠪᠠᠷᠠᠭᠤᠨ ᠦᠵᠦᠮᠦᠴᠢᠨ ᠬᠤᠰᠢᠭᠤᠨ ᠤ ᠡᠮᠡᠭᠲᠡᠶᠢᠴᠦᠳ ᠤᠨ ᠬᠤᠯᠪᠣᠭᠠᠲᠤ ᠬᠤᠷᠠᠯ ᠨᠢ ᠰᠣᠮᠤ ᠪᠠᠯᠭᠠᠰᠣ᠂ ᠭᠠᠴᠠᠭ᠎ᠠ᠂ | ᠨᠡᠶᠢᠭᠡᠮ ᠲᠣᠭᠤᠷᠢᠭ ᠪᠣᠯᠭᠠᠨ ᠳᠤ ᠭᠦᠨᠵᠡᠭᠡᠶᠢᠷᠡᠵᠦ᠂ ᠭᠡᠷ ᠲᠡᠭᠡᠨ ᠬᠤᠴᠣᠷᠤᠭᠰᠠᠨ ᠬᠡᠦᠬᠡᠳ ᠪᠠ ᠬᠦᠴᠢᠷᠳᠡᠯ ᠳᠤ | ᠲᠤᠯᠭᠠᠷᠠᠭᠰᠠᠨ ᠬᠡᠦᠬᠡᠳ ᠤᠨ ᠪᠠᠶᠢᠳᠠᠯ ᠢ ᠨᠠᠷᠢᠨ ᠨᠢᠮᠪᠠᠢ ᠵᠢᠭᠰᠠᠭᠠᠨ ᠪᠠᠶᠢᠴᠠᠭᠠᠵᠤ᠂ ᠬᠦᠴᠢᠷᠳᠡᠯ ᠳᠤ ᠲᠤᠯᠭᠠᠷᠠᠭᠰᠠᠨ | ᠬᠡᠦᠬᠡᠳ ᠤᠨ ᠮᠡᠳᠡᠭᠡ ᠵᠠᠩᠭᠢ ᠶᠢᠨ ᠬᠥᠮᠥᠷᠭᠡ ᠶᠢ ᠪᠠᠶᠢᠭᠤᠯᠤᠨ᠂ ᠨᠠᠶᠢᠬᠡᠮ ᠨᠠᠶᠢᠳᠠ ᠶᠢᠨ ᠬᠠᠶᠢᠷ᠎ᠠ ᠬᠠᠯᠠᠮᠵᠢ ᠭᠦᠷᠬᠡᠬᠦ ᠳᠤ ᠨᠢ | ᠲᠦᠬᠦᠮ ᠪᠤᠯᠭᠠᠵᠡᠢ ᠃ 724 ᠨᠠᠷᠠ ︽ ᠡᠨᠡᠷᠢᠩᠬᠦᠢ ᠠᠨᠢᠶ᠎ᠠ︾ ᠨᠢ ᠶᠠᠭ 724 ᠬᠡᠷᠡᠯᠳᠣ ᠣᠲᠣ ᠲᠠᠢ ᠠᠳᠠᠯᠢ ᠪᠠᠷ | ᠬᠦᠴᠢᠷᠳᠡᠯ ᠳᠤ ᠲᠤᠯᠭᠠᠷᠠᠭᠰᠠᠨ 97 ᠬᠡᠦᠬᠡᠳ ᠢ ᠲᠡᠳᠬᠦᠵᠦ᠂ ᠲᠠᠳᠠᠨ ᠤ ᠠᠮᠢᠳᠣᠷᠠᠯ ᠰᠣᠷᠣᠯᠭ᠎ᠠ ᠳᠤ ᠨᠢ ᠶᠠᠬᠡᠬᠡᠨ ᠲᠤᠰᠠ | ᠲᠠᠮᠵᠢᠯᠬᠡ ᠪᠤᠯᠭᠠᠵᠦ᠂ ᠬᠡᠣᠬᠡᠳ ᠤᠳ ᠲᠤ ᠡᠷᠡᠬᠦᠯ ᠢᠶᠠᠷ ᠦᠰᠣᠨ ᠪᠤᠶᠢᠵᠢᠬᠤ ᠳᠤ ᠨᠢ ᠲᠦᠰᠢᠭ ᠪᠤᠯᠵᠦ ᠶᠠᠪᠤᠭ᠎ᠠ ᠶᠤᠮ᠃ | 2023 ᠣᠨ ᠠᠴᠠ ᠨᠠᠰᠢ᠂ ︽ᠡᠨᠡᠷᠢᠩᠬᠦᠢ ᠠᠨᠢᠶ᠎ᠠ︾ ᠨᠠᠷ ᠨᠢ 380 ᠲᠠᠯᠠᠪᠤᠷ ᠰᠠᠶᠢᠨ ᠳᠤᠷ᠎ᠠ ᠶᠢᠨ ᠦᠢᠯᠡᠴᠢᠯᠡᠭᠡᠨ ᠤ | ᠠᠵᠢᠯᠯᠠᠭ᠎ᠠ ᠥᠷᠨᠢᠭᠦᠯᠵᠦ᠂ ᠡᠭᠦᠨ ᠳᠤ ᠬᠠᠯᠠᠮᠵᠢᠯᠠᠨ ᠬᠠᠶᠢᠷᠠᠯᠠᠵᠤ ᠬᠠᠪᠰᠤᠷᠤᠨ ᠲᠡᠳᠬᠦᠬᠦ ᠠᠵᠢᠯᠯᠠᠭ᠎ᠠ 290 ᠲᠠᠯᠠᠪᠤᠷ | ᠪᠠᠶᠢᠵᠤ᠂ 138 ᠬᠡᠦᠬᠡᠳ ᠲᠤ ᠲᠤᠰᠠᠯᠠᠮᠵᠢ ᠦᠵᠡᠬᠦᠯᠦᠨ᠂ ᠬᠠᠪᠰᠤᠷᠤᠨ ᠲᠡᠳᠬᠦᠬᠦ ᠪᠡᠯᠡ ᠮᠥᠩᠭᠦ ᠨᠢ 30.6 ᠲᠦᠮᠡᠨ | ᠲᠥᠭᠦᠷᠢᠭ ᠲᠤ ᠬᠦᠷᠴᠡᠢ᠃ | | | | | | | | | | |