ᠲᠠᠯ᠎ᠠ ᠨᠤᠲᠤᠭ ᠤᠨ 99 ᠨᠣᠮᠧᠷᠲᠤ ᠵᠠᠰᠠᠮᠠᠯ ᠵᠠᠮ ᠨᠢ ᠵᠢᠭᠤᠯᠴᠢᠯᠠᠯ ᠤᠨ ᠬᠡᠯᠬᠢᠶᠠᠵᠢᠯ ᠭᠦᠭᠵᠢᠯᠳᠠ ᠶᠢ ᠠᠬᠢᠭᠤᠯᠵᠦ ᠪᠠᠶᠢᠨ᠎ᠠ
ᠨᠡᠶᠢᠲᠡᠯᠡᠭᠰᠡᠨ ᠴᠠᠭ᠄
2024/11/21
   ᠪᠠᠷᠠᠭᠤᠨ ᠦᠵᠦᠮᠦᠴᠢᠨ ᠬᠤᠰᠢᠭᠤ ᠨᠢ ᠴᠢᠨᠠᠷ ᠰᠠᠶᠢᠲᠠᠢ ᠬᠥᠭᠵᠢᠯᠲᠡ ᠶᠢ ᠲᠡᠷᠢᠭᠦᠨ ᠴᠢᠬᠤᠯᠠ ᠡᠭᠦᠷᠭᠡ ᠪᠤᠯᠭᠠᠨ ᠴᠢᠩᠭ᠎ᠠ ᠠᠳᠬᠤᠵᠤ᠂ ᠪᠣᠳᠠᠲᠠᠢ ᠲᠠᠢ ᠪᠠᠨ ᠤᠶᠠᠯᠳᠤᠭᠤᠯᠤᠨ ᠰᠢᠨ᠎ᠡ ᠦᠢᠯᠡᠳᠪᠦᠷᠢᠯᠡᠯ ᠤᠨ ᠬᠦᠴᠦᠨ ᠢ ᠬᠥᠭᠵᠢᠭᠦᠯᠵᠦ᠂ ᠲᠠᠯ᠎ᠠ ᠨᠤᠲᠤᠭ ᠤᠨ  99 ᠨᠣᠮᠧᠷᠲᠤ ᠵᠠᠰᠠᠮᠠᠯ ᠵᠠᠮ  ᠤᠨ ᠨᠠᠷᠠᠲᠤ ᠲᠡᠮᠳᠡᠭᠲᠦ IP᠎ ᠲᠤ ᠲᠦᠰᠢᠭᠯᠡᠨ ᠂ ᠲᠠᠯ᠎ᠠ ᠨᠤᠲᠤᠭ ᠤᠨ ᠦᠵᠡᠮᠵᠢ᠂ ᠵᠠᠩ ᠦᠶᠯᠡ ᠶᠢᠨ ᠰᠣᠶᠣᠯ ᠤᠨ ᠦᠵᠡᠭᠦᠯᠦᠯᠭᠡ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠵᠡᠷᠭᠡ ᠲᠠᠯ᠎ᠠ ᠪᠠᠷ ᠭᠤᠣᠯᠳᠠᠯᠭ᠎ᠠ ᠲᠠᠢ ᠴᠣᠭᠴᠠᠯᠠᠨ ᠪᠠᠶᠢᠭᠤᠯᠵᠤ᠂ ᠪᠦᠬᠦ ᠬᠤᠰᠢᠭᠤᠨ ᠤ ᠰᠣᠶᠣᠯ ᠵᠢᠭᠤᠯᠴᠢᠯᠠᠯ ᠤᠨ ᠦᠢᠯᠡᠰ ᠪᠠ ᠦᠢᠯᠡᠴᠢᠯᠡᠭᠡᠨ ᠤ ᠦᠢᠯᠡᠰ ᠤᠨ ᠵᠠᠬ᠎ᠠ ᠳᠡᠯᠭᠡᠭᠦᠷ ᠤᠨ ᠠᠮᠢᠵᠢᠷᠠᠯ ᠤᠨ ᠬᠦᠴᠦᠨ ᠢ ᠭᠦᠭᠵᠢᠬᠡᠭᠰᠠᠨ ᠪᠠᠶᠢᠨ᠎ᠠ᠃    ᠪᠠᠷᠠᠭᠤᠨ ᠦᠵᠦᠮᠦᠴᠢᠨ ᠬᠤᠰᠢᠭᠤᠨ ᠤ ᠲᠠᠯ᠎ᠠ ᠨᠤᠲᠤᠭ ᠤᠨ 99 ᠨᠣᠮᠧᠷᠲᠤ ᠵᠠᠰᠠᠮᠠᠯ ᠵᠠᠮ ᠨᠢ ᠥᠪᠡᠷᠮᠢᠴᠡ ᠨᠠᠷᠠᠲᠤ ᠲᠡᠮᠳᠡᠭᠲᠦ IP᠎ ᠲᠠᠢ  ᠪᠠᠶᠢᠵᠦ᠂  ᠵᠤᠭᠠᠴᠠᠭᠰᠠᠳ ᠲᠤ  ᠭᠤᠶᠢᠳᠠ ᠰᠠᠶᠢᠬᠠᠨ ᠪᠠᠶᠢᠭᠠᠯᠢ ᠶᠢᠨ ᠦᠩᠬᠡ ᠦᠵᠡᠮᠵᠢ ᠶᠢ ᠰᠣᠨᠢᠷᠬᠠᠭᠤᠯᠬᠤ ᠶᠢᠨ ᠲᠠᠭᠠᠤ ᠪᠠᠷᠠᠭᠤᠨ ᠦᠵᠦᠮᠦᠴᠢᠨ ᠬᠤᠰᠢᠭᠤᠨ ᠤ ᠤᠨᠴᠠᠯᠢᠭᠳᠣ ᠮᠠᠯ ᠠᠵᠦ ᠠᠬᠤᠢ ᠶᠢᠨ ᠦᠢᠯᠠᠰ  ᠂ ᠤᠯᠠᠮᠵᠢᠯᠠᠯᠳᠣ ᠵᠠᠩ ᠵᠠᠩᠰᠢᠯ ᠢ ᠪᠠᠶᠠᠴᠢᠯᠠᠨ ᠦᠢᠯᠠᠭᠠᠬᠤ ᠲᠠᠪᠴᠠᠩ ᠬᠠᠩᠭᠠᠵᠦ ᠲᠠᠶᠢᠯᠳᠡᠭ ᠎ ᠠᠴᠠ ᠪᠦᠬᠦ ᠤᠯᠤᠰ ᠤᠨ ᠡᠯ᠎ᠠ ᠭᠠᠵᠠᠷ ᠤᠨ ᠵᠤᠭᠠᠴᠠᠭᠰᠠᠳ  ᠎ ᠤᠨ ᠪᠠᠭ᠋ᠠᠷᠬᠠᠯ ᠢ ᠶᠠᠬᠡᠬᠡᠨ ᠲᠡᠳᠡᠵᠡᠢ  ᠃    99 ᠨᠣᠮᠧᠷᠲᠤ ᠵᠠᠰᠠᠮᠠᠯ ᠵᠠᠮ  ᠤᠨ ᠨᠠᠷᠠᠲᠤ ᠲᠡᠮᠳᠡᠭᠲᠦ IP᠎ ᠪᠠᠷ ᠭᠤᠣᠯ ᠪᠣᠯᠭᠠᠵᠤ᠂ ᠪᠠᠷᠠᠭᠤᠨ ᠦᠵᠦᠮᠦᠴᠢᠨ ᠬᠤᠰᠢᠭᠤ ᠨᠢ ᠣᠯᠠᠨ ᠪᠠᠶᠠᠯᠢᠭ ᠰᠠᠶᠢᠬᠠᠨ ᠰᠣᠶᠣᠯ ᠵᠢᠭᠤᠯᠴᠢᠯᠠᠯ ᠤᠨ ᠠᠵᠢᠯᠯᠠᠭ᠎ᠠ ᠶᠢ ᠦᠷᠨᠢᠬᠦᠯᠦᠨ᠂ ᠵᠤᠭᠠᠴᠠᠭᠰᠠᠳ ᠎ ᠲᠤ ᠤᠯᠠᠮᠵᠢᠯᠠᠯᠲᠤ ᠰᠣᠶᠣᠯ ᠤᠨ ᠷᠢᠳᠢ ᠰᠢᠳᠢ ᠶᠢ ᠣᠶᠢᠯᠠᠭᠠᠭᠤᠯᠵᠤ᠂ ᠲᠠᠯ᠎ᠠ ᠨᠤᠲᠤᠭ ᠤᠨ ᠦᠵᠡᠰᠬᠦᠯᠡᠩᠲᠦ ᠰᠠᠶᠢᠬᠠᠨ ᠦᠩᠬᠡ ᠦᠵᠡᠮᠵᠢ ᠶᠢ ᠪᠠᠶᠠᠴᠢᠯᠠᠨ ᠰᠣᠨᠢᠷᠬᠠᠭᠤᠯᠤᠨ᠂  ᠪᠠᠷᠠᠭᠤᠨ ᠦᠵᠦᠮᠦᠴᠢᠨ ᠬᠤᠰᠢᠭᠤᠨ ᠤ ᠨᠦᠯᠤᠬᠡᠯᠡᠯ ᠤᠨ ᠬᠦᠴᠦᠨ ᠢ ᠲᠡᠭᠡᠭᠰᠢᠯᠠᠬᠦᠯᠦᠭᠰᠠᠨ ᠪᠠᠶᠢᠨ᠎ᠠ  ᠃   2024 ᠣᠨ ᠤ ᠰᠣᠶᠣᠯ ᠤᠨ ᠵᠢᠭᠤᠯᠴᠢᠯᠠᠯ ᠤᠨ ᠰᠢᠷᠢᠰ ᠠᠵᠢᠯᠯᠠᠭ᠎ᠠ ᠨᠢ ᠠᠷᠠᠳ ᠤᠨ ᠵᠠᠩ ᠦᠶᠯᠡ᠂ ᠪᠠᠶᠠᠷ ᠳᠤᠷᠠᠰᠬᠠᠯ ᠤᠨ ᠡᠳᠦᠷ᠂ ᠬᠡᠷᠡᠯ ᠵᠢᠷᠤᠭ᠂ ᠦᠪᠡᠷᠰᠠᠳ ᠤᠨ ᠲᠠᠷᠬᠡ ᠲᠠᠢ ᠪᠠᠨ ᠵᠤᠭᠠᠴᠠᠬᠤ᠂ ᠳᠠᠭᠤᠤ ᠬᠥᠭᠵᠢᠮ ᠤᠨ ᠨᠠᠶᠢᠷ᠂ ᠪᠡᠶ᠎ᠡ  ᠲᠠᠮᠢᠷ ᠤᠨ ᠤᠷᠤᠯᠳᠤᠭᠠᠨ ᠵᠡᠷᠭᠡ ᠣᠯᠠᠨ ᠬᠦᠷᠢᠶ᠎ᠡ ᠴᠠᠷ᠎ᠠ ᠶᠢ ᠬᠠᠮᠤᠷᠴᠠᠢ᠃ ᠰᠦᠯᠵᠢᠶᠡᠨ ᠳᠡᠭᠡᠷᠡᠬᠢ ᠪᠠ ᠰᠦᠯᠵᠢᠶᠡᠨ ᠭᠠᠳᠠᠨᠠᠬᠢ ᠶᠢ ᠤᠶᠠᠯᠳᠤᠭᠤᠯᠬᠤ ᠠᠷᠭ᠎ᠠ ᠮᠠᠶ᠋ᠢᠭ ᠢᠶᠠᠷ ᠳᠠᠮᠵᠢᠭᠤᠯᠤᠨ ᠤᠬᠠᠭᠤᠯᠤᠨ ᠰᠣᠷᠳᠠᠴᠢᠯᠠᠭᠰᠠᠨ ᠢᠶᠠᠷ ᠶᠡᠭᠡ ᠬᠡᠮᠵᠢᠶᠡᠨ ᠤ ᠵᠢᠭᠤᠯᠴᠢᠯᠠᠭᠴᠢᠳ ᠤᠨ ᠠᠩᠬᠠᠷᠤᠯ ᠢ ᠠᠮᠵᠢᠯᠲᠠ ᠲᠠᠢ ᠲᠠᠲᠠᠵᠤ ᠴᠢᠳᠠᠵᠡᠢ ᠃ ᠡᠭᠦᠨ ᠳᠤ᠂ ᠳᠤᠮᠳᠠᠳᠤ ᠤᠯᠤᠰ ᠤᠨ ᠬᠥᠳᠡᠭᠡ ᠲᠣᠰᠬᠤᠨ ᠤ ᠨᠡᠶᠢᠭᠡᠮᠯᠢᠭ ᠤᠨ ᠭᠡᠷᠡᠴᠢᠯᠡᠭᠰᠡᠨ C ᠲᠥᠷᠥᠯ ᠤᠨ ᠠᠩᠬᠠᠳᠤᠭᠠᠷ ᠬᠤᠭᠤᠴᠠᠭᠠᠨ ᠤ ᠪᠠᠷᠠᠭᠤᠨ ᠦᠵᠦᠮᠦᠴᠢᠨ ᠬᠤᠰᠢᠭᠤᠨ ᠤ ᠲᠠᠯ᠎ᠠ ᠨᠤᠲᠤᠭ ᠤᠨ ︽99 ᠨᠣᠮᠧᠷᠲᠤ ᠵᠠᠰᠠᠮᠠᠯ ᠵᠠᠮ︾᠎ ᠤᠨ ᠮᠠᠷᠡᠽᠣᠨ ᠤᠷᠤᠯᠳᠤᠭᠠᠨ ᠳᠤ 24 ᠤᠯᠤᠰ ᠪᠠ ᠭᠠᠵᠠᠷ ᠣᠷᠣᠨ ᠤ 1500 ᠭᠠᠷᠤᠢ ᠲᠠᠮᠢᠷᠴᠢᠨ ᠣᠷᠣᠯᠴᠠᠵᠠᠢ᠃ ᠨᠠᠢᠮᠠᠳᠤᠭᠠᠷ ᠬᠤᠭᠤᠴᠠᠭᠠᠨ ᠤ ᠳᠤᠭᠤᠢ ᠲᠡᠷᠭᠡᠨ ᠤ ᠤᠷᠤᠯᠳᠤᠭᠠᠨ ᠳᠤ 24 ᠤᠯᠤᠰ ᠪᠠ ᠭᠠᠵᠠᠷ ᠣᠷᠣᠨ ᠤ 325 ᠳᠤᠭᠤᠢ  ᠲᠠᠷᠬᠡᠨ ᠤ  ᠪᠠᠭ᠋ᠠᠲᠠᠳ  ᠤᠷᠤᠯᠴᠠᠨ᠂ ᠬᠤᠶᠠᠳᠤᠭᠠᠷ ᠬᠤᠭᠤᠴᠠᠭᠠᠨ ᠤ ᠪᠦᠬᠦ ᠣᠷᠣᠨ ᠤ ᠬᠦᠭᠵᠢᠮ ᠤᠨ ᠤᠷᠤᠯᠳᠤᠭᠠᠨ ᠳᠤ  ᠪᠦᠬᠦ ᠣᠷᠣᠨ᠂ ᠲᠠᠷᠡᠴᠢᠯᠠᠨ ᠭᠠᠳᠠᠷ ᠮᠤᠵᠢ ᠤᠷᠤᠨ ᠤ ᠰᠢᠯᠢᠳᠡᠭ ᠬᠥᠭᠵᠢᠮᠴᠢᠳ ᠴᠤᠭᠯᠠᠷᠠᠵᠤ᠂ ᠦᠵᠡᠭᠴᠢᠳ ᠲᠤ ᠭᠤᠶᠢᠳᠠ ᠰᠠᠶᠢᠬᠠᠨ ᠬᠥᠭᠵᠢᠮ ᠤᠨ ᠦᠪᠡᠳᠡᠭᠰᠢ ᠨᠠᠶᠢᠷ ᠢ ᠠᠪᠴᠢᠷᠠᠯ᠎ᠠ᠃ ᠡᠲᠡᠭᠡᠷ ᠠᠵᠢᠯᠯᠠᠭ᠎ᠠ ᠨᠢ ︽ᠰᠢᠨᠬᠤᠸᠠ ᠬᠤᠷᠢᠶ᠎ᠠ︾ ︽ᠥᠪᠥᠷ ᠮᠣᠩᠭᠤᠯ ᠤᠨ ᠡᠳᠦᠷ ᠤᠨ ᠰᠣᠨᠢᠨ︾ ︽ᠸᠠᠩ ᠢ︾  ︽ᠰᠢᠨ ᠯᠠᠩ︾ ᠵᠡᠷᠭᠡ ᠰᠦᠯᠵᠢᠶᠡᠨ ᠤ ᠠᠩᠬᠠᠷᠣᠯ ᠳᠤ ᠭᠦᠷᠴᠦ᠂  ᠪᠠᠷᠠᠭᠤᠨ ᠦᠵᠦᠮᠦᠴᠢᠨ ᠬᠤᠰᠢᠭᠤᠨ ᠤ ᠨᠡᠷ᠎ᠡ  ᠠᠯᠳᠠᠷᠰᠢᠯ ᠢ ᠪᠦᠲᠦᠮᠵᠢᠲᠡᠶ ᠪᠠᠷ ᠳᠡᠭᠡᠭᠰᠢᠯᠡᠭᠦᠯᠦᠭᠰᠡᠨ ᠪᠠᠶᠢᠨ᠎ᠠ᠃   ᠪᠠᠷᠠᠭᠤᠨ ᠦᠵᠦᠮᠦᠴᠢᠨ ᠬᠤᠰᠢᠭᠤ ᠨᠢ  ᠵᠤᠭᠠᠴᠠᠭᠰᠠᠳ ᠢ ᠨᠡᠩ ᠰᠠᠶᠢᠨ  ᠦᠢᠯᠠᠴᠢᠯᠡᠭᠡ ᠬᠠᠩᠭᠠᠬᠤ ᠶᠢᠨ ᠲᠥᠯᠥᠭᠡ᠂ ᠵᠠᠰᠠᠮᠠᠯ ᠵᠠᠮ ᠳᠠᠭᠠᠤ ᠪᠦᠷᠢᠨ ᠲᠥᠬᠦᠷ ᠲᠥᠬᠦᠭᠡᠷᠦᠮᠵᠢ ᠲᠣᠬᠢᠷᠠᠭᠤᠯᠵᠤ᠂ 2900 ᠭᠠᠷᠤᠢ ᠲᠦᠮᠡᠨ ᠲᠥᠭᠦᠷᠢᠭ ᠤᠨ ᠪᠡᠯᠡ ᠣᠷᠣᠭᠤᠯᠵᠤ ᠰᠠᠷᠬᠦᠯᠠᠩ ᠬᠠᠷᠠᠭᠠᠳᠣ ᠦᠵᠡᠮᠵᠢ ᠶᠢᠨ ᠤᠷᠤᠨ ᠤ ᠵᠠᠮ ᠵᠢᠴᠢ ᠲᠡᠷᠭᠡᠨ  ᠵᠤᠭᠰᠣᠭᠠᠯ᠂ ᠬᠠᠪᠴᠢᠭᠠᠢ  ᠵᠤᠭᠠᠴᠠᠭᠰᠠᠳ ᠤᠨ ᠦᠢᠯᠡᠴᠢᠯᠡᠭᠡᠨ ᠤ ᠲᠥᠪ ᠢ ᠪᠠᠶᠢᠭᠤᠯᠪᠠ︔ 3200 ᠲᠦᠮᠡᠨ ᠲᠥᠭᠦᠷᠢᠭ ᠤᠨ ᠪᠡᠯᠡ ᠣᠷᠣᠭᠤᠯᠵᠤ ᠲᠠᠯ᠎ᠠ ᠨᠤᠲᠤᠭ ᠤᠨ ︽99 ᠨᠣᠮᠧᠷᠲᠤ ᠵᠠᠰᠠᠮᠠᠯ ᠵᠠᠮ︾᠎ ᠤᠨ ᠡᠬᠢᠯᠡᠯᠲᠡ ᠶᠢᠨ ᠴᠡᠭ ᠤᠨ ᠵᠢᠭᠤᠯᠴᠢᠯᠠᠭᠴᠢᠳ ᠤᠨ ᠦᠢᠯᠡᠴᠢᠯᠡᠭᠡᠨ ᠤ ᠲᠥᠪ ᠪᠠ 14.5 ᠺᠢᠯᠣᠮᠧᠲᠷ ᠤᠨ ᠵᠢᠭᠤᠯᠴᠢᠯᠠᠯ ᠤᠨ  ᠲᠤᠭᠤᠢ ᠲᠡᠷᠬᠡᠨ ᠤ ᠵᠠᠮ ᠢ ᠪᠠᠶᠢᠭᠤᠯᠤᠨ᠂ ᠵᠠᠮ ᠳᠠᠭᠠᠤ ᠶᠢᠨ ᠲᠡᠮᠳᠡᠭ ᠫᠠᠶᠢᠰᠠ ᠶᠢ ᠲᠠᠰᠤᠷᠠᠯᠲᠠ ᠦᠭᠡᠢ ᠲᠡᠭᠦᠯᠳᠡᠷᠵᠢᠭᠦᠯᠵᠦ᠂ 207 ᠵᠢᠴᠢ 306 ᠤᠯᠤᠰ ᠤᠨ ᠵᠠᠮ ᠤᠨ ᠵᠢᠭᠤᠯᠴᠢᠯᠠᠯ ᠤᠨ ᠲᠡᠮᠳᠡᠭ ᠫᠠᠶᠢᠰᠠ ᠶᠢ ᠰᠢᠨᠡᠳᠬᠡᠵᠦ᠂ ᠵᠠᠮ ᠳᠠᠭᠠᠤ ᠬᠤᠳᠠᠯᠳᠤᠭᠠᠨ ᠤ ᠴᠡᠭ ᠢ ᠨᠡᠮᠡᠨ ᠪᠠᠶᠢᠭᠤᠯᠵᠤ᠂ ᠵᠠᠮ ᠳᠠᠭᠠᠤ ᠶᠢᠨ ᠬᠤᠭ ᠨᠣᠪᠰᠢ ᠶᠢ ᠲᠣᠭᠲᠠᠮᠠᠯ ᠬᠤᠭᠤᠴᠠᠭ᠎ᠠ ᠲᠠᠢ ᠪᠠᠷ ᠴᠡᠪᠡᠷᠯᠡᠵᠦ ᠵᠢᠭᠤᠯᠴᠢᠯᠠᠯ ᠤᠨ ᠱᠤᠭᠤᠮ ᠤᠨ ᠭᠤᠶᠣ ᠦᠵᠡᠮᠵᠢ ᠶᠢ ᠪᠠᠳᠣᠯᠠᠵᠡᠢ᠃    99 ᠨᠣᠮᠧᠷᠲᠤ ᠵᠠᠰᠠᠮᠠᠯ ᠵᠠᠮ ᠤᠨ ᠵᠠᠮ ᠳᠠᠭᠠᠤ ᠶᠢᠨ ᠦᠵᠡᠮᠵᠢ ᠶᠢᠨ ᠣᠷᠣᠨ ᠤ ᠪᠡᠶᠡᠴᠢᠯᠡᠨ ᠣᠶᠢᠯᠠᠭᠠᠬᠤ ᠰᠢᠨ᠎ᠡ ᠲᠦᠷᠦᠯ ᠵᠦᠢᠯ ᠢ ᠲᠠᠰᠤᠷᠠᠯᠳᠡ ᠦᠭᠡᠢ ᠬᠠᠶᠢᠨ ᠰᠦᠪᠡᠭᠴᠢᠯᠡᠵᠦ᠂ ᠮᠣᠷᠢ ᠤᠨᠤᠬᠤ᠂ ᠴᠠᠭᠠᠨ ᠢᠳᠡᠭᠡᠨ ᠢ ᠠᠮᠲᠠᠯᠠᠬᠤ ᠵᠡᠷᠭᠡ ᠣᠨᠴᠠᠯᠢᠭᠲᠤ ᠲᠦᠷᠦᠯ ᠵᠦᠢᠯ ᠨᠢ ᠵᠤᠭᠠᠴᠠᠭᠰᠠᠳ ᠲᠤ ᠲᠠᠯ᠎ᠠ ᠨᠤᠲᠤᠭ ᠤᠨ ᠠᠮᠢᠳᠤᠷᠠᠯ ᠢ ᠭᠦᠨᠵᠡᠭᠡᠢ ᠣᠶᠢᠯᠠᠭᠠᠭᠤᠯᠵᠠᠢ᠃ ᠲᠠᠯ᠎ᠠ ᠨᠤᠲᠤᠭ ᠤᠨ 99 ᠨᠣᠮᠧᠷᠲᠤ ᠵᠠᠰᠠᠮᠠᠯ ᠵᠠᠮ  ᠤᠨ ᠡᠬᠢᠯᠡᠯᠲᠡ ᠶᠢᠨ ᠪᠠᠶᠢᠷᠢ ᠳᠠᠬᠢ  ᠬᠡᠶᠢᠮᠤᠷᠢ ᠮᠣᠷᠢ ᠤᠨᠤᠬᠤ ᠲᠠᠯᠠᠪᠠᠢ ᠵᠢᠨ‌ᠡᠳᠦᠷ ᠪᠦᠷᠢ ᠶᠢᠨ ᠬᠦᠯᠢᠶᠡᠨ ᠠᠪᠴᠤ ᠵᠣᠴᠢᠯᠠᠭᠰᠠᠨ ᠵᠤᠭᠠᠴᠠᠭᠰᠠᠳ ᠤᠨ ᠲᠤᠭ᠎ᠠ 100 ᠭᠠᠷᠤᠢ ᠬᠥᠮᠥᠨ ᠤᠳᠠᠭ᠎ᠠ ᠳᠤ ᠬᠦᠷᠴᠦ ᠪᠤᠢ᠃ ᠬᠡᠶᠢᠮᠤᠷᠢ ᠮᠣᠷᠢ ᠤᠨᠤᠬᠤ ᠲᠠᠯᠠᠪᠠᠢ ᠶᠢᠨ ᠡᠵᠡᠨᠳᠠᠨ ᠬᠠᠰ ᠶᠠᠷᠢᠬᠤ ᠳᠠᠭᠠᠨ ᠥᠩᠭᠡᠷᠡᠭᠰᠡᠨ ᠳᠤ ᠪᠢᠳᠡ ᠭᠤᠣᠯᠳᠠᠭᠤ ᠮᠠᠯ  ᠠᠵᠦ ᠠᠬᠤᠢ ᠪᠠᠷ ᠭᠤᠤᠯ ᠣᠷᠣᠯᠭ᠎ᠠ  ᠎ ᠶᠢᠨ ᠢᠷᠡᠯᠳᠠ ᠪᠠᠨ ᠪᠤᠯᠭᠠᠵᠦ  ᠂  ᠤᠷᠤᠯᠭ᠎ᠠ ᠨᠢ ᠬᠢᠵᠠᠭᠠᠷ ᠲᠠᠢ ᠪᠠᠶᠢᠵᠠᠢ᠃ ᠤᠳᠤ ᠵᠢᠭᠤᠯᠴᠢᠯᠠᠯ ᠬᠥᠭᠵᠢᠵᠦ ᠡᠬᠢᠯᠡᠭᠰᠡᠨ ᠳᠤ ᠪᠢᠳᠡ ᠮᠣᠷᠢ ᠤᠨᠤᠬᠤ ᠲᠠᠯᠠᠪᠠᠢ ᠶᠢ ᠡᠷᠬᠢᠯᠡᠭᠡᠳ᠂ ᠠᠷᠠᠯᠵᠢᠶ᠎ᠠ ᠶᠡᠭᠡ ᠰᠠᠶᠢᠨ ᠪᠠᠶᠢᠨ᠎ᠠ ᠬᠡᠵᠡᠢ᠃   ᠲᠠᠯ᠎ᠠ ᠨᠤᠲᠤᠭ ᠤᠨ99 ᠨᠣᠮᠧᠷᠲᠤ ᠵᠠᠰᠠᠮᠠᠯ ᠵᠠᠮ  ᠤᠨ ᠤᠯᠠᠭ᠎ᠠ ᠥᠷᠲᠡᠭᠡᠨ ᠳᠤ ᠪᠠᠷᠠᠭᠤᠨ ᠦᠵᠦᠮᠦᠴᠢᠨ ᠬᠤᠰᠢᠭᠤᠨ ᠤ ᠤᠯᠠᠮᠵᠢᠯᠠᠯᠲᠤ ᠬᠤᠪᠴᠠᠰᠤ ᠵᠠᠰᠠᠯ᠂ ᠭᠠᠷ ᠤᠷᠠᠯᠠᠯ ᠤᠨ ᠪᠦᠲᠦᠭᠡᠭᠳᠡᠬᠦᠨ ᠵᠡᠷᠭᠡ ᠶᠢ ᠳᠡᠯᠭᠡᠨ ᠦᠵᠡᠭᠦᠯᠵᠦ᠂ ᠦᠵᠦᠮᠦᠴᠢᠨ  ᠴᠠᠭᠠᠨ ᠠᠳᠤᠭᠤᠨ ᠤ ᠰᠣᠶᠣᠯ ᠤᠨ ᠠᠵᠤ ᠦᠢᠯᠡᠰ ᠤᠨ ᠰᠠᠭᠤᠷᠢᠨ ᠢ ᠪᠠᠶᠢᠭᠤᠯᠵᠤ᠂ ᠤᠯᠠᠭᠠᠨᠬᠠᠭᠠᠯᠭ᠎ᠠ ᠵᠤᠭᠠᠴᠠᠯ ᠤᠨ  ᠡᠷᠡᠬᠦᠯᠵᠢᠯ ᠤᠨ ᠲᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠶᠢ ᠡᠬᠢᠯᠡᠭᠦᠯᠵᠦ᠂  ᠵᠤᠴᠢᠳ ᠤᠨ ᠪᠠᠭᠤᠳᠠᠯ᠂ ᠮᠠᠯᠵᠢᠯ ᠤᠨ ᠲᠠᠯᠠᠪᠠᠢ ᠵᠡᠷᠭᠡ  ᠎ ᠶᠢ ᠲᠠᠶᠢᠴᠢᠯᠠᠨ ᠭᠦᠭᠵᠢᠬᠦᠯᠦᠭᠰᠠᠨ ᠪᠠᠶᠢᠨ᠎ᠠ᠃   ᠪᠠᠷᠠᠭᠤᠨ ᠦᠵᠦᠮᠦᠴᠢᠨ ᠬᠤᠰᠢᠭᠤᠨ ᠤ ᠤᠯᠠᠭᠠᠨᠮᠥ᠋ᠴᠢᠷ ᠤᠨ ᠲᠠᠯ᠎ᠠ ᠨᠤᠲᠤᠭ ᠤᠨ ᠠᠮᠢᠳᠤᠷᠠᠯ ᠢᠶᠠᠷ ᠠᠷᠤ ᠦᠵᠡᠭᠳᠡᠯ ᠪᠣᠯᠭᠠᠭᠰᠠᠨ ︽ ᠠᠵᠢᠨᠠᠢ ᠬᠦᠯᠦᠭ︾  ᠵᠡᠷᠭᠡ ᠦᠵᠡᠭᠳᠡᠯᠳᠦ ᠵᠦᠴᠦᠬᠡ  ᠎ ᠨᠢ ᠵᠤᠭᠠᠴᠠᠭᠰᠠᠳ ᠲᠤ ᠰᠣᠶᠣᠯ ᠤᠨ ᠷᠢᠳᠢ ᠰᠢᠳᠢ ᠶᠢ ᠮᠡᠳᠡᠷᠡᠭᠦᠯᠵᠦ᠂ ᠵᠢᠭᠤᠯᠴᠢᠯᠠᠯ ᠤᠨ ᠠᠵᠤ ᠦᠢᠯᠡᠰ ᠤᠨ ᠬᠡᠯᠬᠢᠶ᠎ᠡ ᠶᠢ ᠤᠯᠠᠮ ᠨᠢᠭᠡ ᠠᠯᠬᠤᠮ ᠤᠷᠲᠤᠳᠬᠠᠪᠠ᠃ ᠡᠭᠦᠨ ᠤ ᠵᠡᠷᠭᠡ ᠳᠤ ᠦᠵᠦᠮᠦᠴᠢᠨ ᠤ ᠠᠮᠲᠠᠲᠤ ᠢᠳᠡᠭᠡᠨ ᠤ ᠰᠣᠶᠣᠯ  ᠎ ᠢ ᠠᠭᠤᠰᠬᠠᠵᠤ᠂ ᠥᠪᠡᠷᠮᠢᠴᠡ ᠣᠨᠴᠠᠯᠢᠭ ᠲᠠᠢ ᠠᠮᠲᠠᠲᠤ ᠢᠳᠡᠭᠡᠨ ᠤ ᠴᠡᠭ ᠭᠠᠷᠭᠠᠵᠤ᠂ ᠵᠤᠭᠠᠴᠠᠭᠰᠠᠳ ᠲᠤ ᠵᠢᠩᠬᠢᠨᠢ ᠲᠠᠯ᠎ᠠ ᠨᠤᠲᠤᠭ ᠤᠨ ᠠᠮᠲᠠᠲᠤ ᠢᠳᠡᠭᠡᠨ ᠰᠢᠷᠠᠭᠰᠠᠨ ᠪᠦᠬᠦᠯᠢ ᠬᠤᠨᠢ᠂ ᠰᠦ ᠲᠠᠢ ᠴᠠᠢ ᠠᠮᠳᠠᠯᠠᠭᠤᠯᠵᠦ᠂ ᠵᠤᠭᠠᠴᠠᠯ ᠤᠨ ᠠᠭᠤᠯᠭ᠎ᠠ ᠬᠡᠯᠪᠡᠷᠢ ᠶᠢ ᠤᠯᠠᠮ ᠪᠠᠶᠠᠯᠢᠭᠵᠢᠭᠤᠯᠤᠭᠰᠠᠨ ᠪᠠᠶᠢᠨ᠎ᠠ᠃   ᠲᠠᠯ᠎ᠠ ᠨᠤᠲᠤᠭ ᠤᠨ 99 ᠨᠣᠮᠧᠷᠲᠤ ᠵᠠᠰᠠᠮᠠᠯ ᠵᠠᠮ  ᠤᠨ ᠵᠢᠭᠤᠯᠴᠢᠯᠠᠯ ᠨᠢ ᠵᠠᠮ ᠳᠠᠭᠠᠤ ᠶᠢᠨ ᠮᠠᠯᠴᠢᠳ ᠵᠤᠭᠠᠴᠠᠯ ᠤᠨ ᠵᠠᠰᠠᠮᠠᠯ ᠵᠠᠮ ᠤᠨ ᠳᠠᠪᠠᠭᠤᠯᠢᠭ ᠢᠶᠠᠨ ᠠᠰᠢᠭᠯᠠᠵᠤ᠂ ᠥᠪᠡᠷ ᠤᠨ ᠮᠠᠯᠵᠢᠯ ᠤᠨ ᠲᠠᠯᠠᠪᠠᠢ᠂ ᠮᠣᠩᠭᠤᠯ ᠭᠡᠷ ᠵᠡᠷᠭᠡ ᠡᠬᠢ ᠪᠠᠶᠠᠯᠢᠭ ᠢᠶᠠᠨ ᠠᠰᠢᠭᠯᠠᠵᠤ᠂ ᠥᠪᠡᠷ ᠥᠪᠡᠷ ᠤᠨ ᠣᠨᠴᠠᠯᠢᠭ ᠲᠠᠢ ᠠᠷᠠᠳ ᠤᠨ ᠣᠷᠣᠨ ᠰᠠᠭᠤᠴᠠ᠂ ᠵᠤᠭᠠᠴᠠᠯ ᠤᠨ ᠭᠠᠵᠠᠷ ᠵᠡᠷᠭᠡ ᠶᠢ ᠨᠡᠭᠡᠭᠡᠨ ᠡᠷᠬᠢᠯᠡᠵᠦ᠂ ᠤᠷᠤᠯᠭ᠎ᠠ ᠶᠢᠨ ᠨᠡᠮᠡᠭᠳᠠᠯ ᠢᠶᠠᠨ ᠠᠬᠢᠭᠤᠯᠤᠭᠰᠠᠨ ᠪᠠᠶᠢᠨ᠎ᠠ᠃  ᠮᠠᠯᠴᠢᠳ ᠤᠨ ᠵᠢᠭᠤᠯᠴᠢᠯᠠᠯ ᠤᠨ ᠠᠵᠤ ᠦᠢᠯᠡᠰ ᠢᠶᠠᠨ ᠬᠥᠭᠵᠢᠭᠦᠯᠬᠦ ᠶᠢ ᠳᠡᠮᠵᠢᠬᠦ ᠶᠢᠨ ᠲᠥᠯᠥᠭᠡ᠂ ᠪᠠᠷᠠᠭᠤᠨ ᠦᠵᠦᠮᠦᠴᠢᠨ ᠬᠤᠰᠢᠭᠤ  ᠎ ᠨᠢ  ᠪᠠᠯᠠ ᠮᠦᠩᠬᠦᠨ ᠤ ᠲᠠᠮᠵᠢᠯᠬᠡ  ᠂ ᠲᠤᠰᠬᠠᠢ ᠪᠤᠯᠪᠠᠰᠣᠷᠠᠯ ᠬᠦᠮᠦᠵᠢᠯ ᠦᠷᠨᠢᠬᠦᠯᠬᠦ᠂ ᠰᠠᠭᠤᠷᠢ ᠲᠥᠬᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠶᠢ ᠴᠢᠩᠭᠠᠳᠬᠠᠬᠤ ᠵᠡᠷᠭᠡ ᠠᠯᠢ ᠣᠯᠠᠨ ᠬᠠᠷᠠᠭᠠᠯᠵᠠᠯ ᠤᠨ ᠲᠥᠷᠥ ᠶᠢᠨ ᠪᠣᠳᠣᠯᠭ᠎ᠠ ᠪᠠ ᠲᠡᠳᠬᠦᠨ ᠳᠡᠮᠵᠢᠬᠦ ᠠᠷᠭ᠎ᠠ ᠬᠡᠮᠵᠢᠶ᠎ᠡ ᠶᠢ  ᠠᠪᠴᠦ᠂ ᠨᠡᠶᠢᠭᠡᠮ ᠤᠨ ᠰᠣᠶᠣᠯ ᠵᠢᠭᠤᠯᠴᠢᠯᠠᠯ ᠤᠨ ᠦᠢᠯᠡᠰ ᠤᠨ ᠬᠥᠭᠵᠢᠯᠲᠡ ᠳᠤ ᠣᠷᠣᠯᠴᠠᠬᠤ ᠢᠳᠡᠪᠬᠢᠵᠢᠯ ᠢ ᠦᠨᠡᠨ ᠬᠦ ᠬᠥᠭᠵᠢᠭᠡᠪᠡ᠃ ᠣᠶᠢᠯᠠᠭᠠᠭᠰᠠᠨ ᠢᠶᠠᠷ᠂ ᠣᠳᠣᠬᠠᠨ ᠳᠤ ᠪᠠᠷᠠᠭᠤᠨ ᠦᠵᠦᠮᠦᠴᠢᠨ ᠬᠤᠰᠢᠭᠤᠨ ᠤ 60 ᠭᠠᠷᠤᠢ ᠡᠷᠦᠬᠡ ᠮᠠᠯᠴᠢᠳ ᠵᠢᠭᠤᠯᠴᠢᠯᠠᠯ ᠤᠨ ᠴᠡᠭ ᠢ ᠨᠡᠭᠡᠭᠡᠨ ᠡᠷᠭᠢᠯᠡᠵᠦ᠂ ᠡᠷᠦᠬᠡ ᠪᠦᠷᠢ ᠶᠢᠨ ᠳᠤᠮᠳᠠᠴᠢ ᠣᠷᠣᠯᠭ᠎ᠠ ᠨᠢ 4 ᠲᠦᠮᠡᠨ ᠲᠥᠭᠦᠷᠢᠭ ᠲᠤ ᠬᠦᠷᠴᠦ᠂ ᠥᠩᠭᠡᠷᠡᠭᠰᠡᠨ ᠤ ᠬᠢ ᠠᠴᠠ ᠵᠤᠬᠢᠬᠤ ᠬᠡᠮᠵᠢᠶ᠎ᠡ ᠪᠠᠷ ᠨᠡᠮᠡᠭᠳᠡᠭᠰᠡᠨ ᠪᠠᠶᠢᠨ᠎ᠠ᠃   ᠪᠠᠷᠠᠭᠤᠨ ᠦᠵᠦᠮᠦᠴᠢᠨ ᠬᠤᠰᠢᠭᠤᠨ ᠤ ᠲᠠᠯ᠎ᠠ ᠨᠤᠲᠤᠭ ᠤᠨ 99 ᠨᠣᠮᠧᠷᠲᠤ ᠵᠠᠰᠠᠮᠠᠯ ᠵᠠᠮ‌‍ᠤᠨ ᠨᠠᠷᠠᠲᠤ ᠲᠡᠮᠳᠡᠭᠲᠦ IP᠎ ᠨᠢ ᠥᠪᠡᠷᠮᠢᠴᠡ ᠲᠠᠲᠠᠬᠤ ᠬᠦᠴᠦᠨ ᠪᠠ ᠬᠦᠴᠦᠷᠬᠡᠭ ᠶᠡᠭᠡ ᠨᠥᠯᠥᠭᠡᠯᠡᠬᠦ ᠬᠦᠴᠦᠨ ᠢᠶᠠᠷ ᠢᠶᠠᠨ ᠰᠣᠶᠣᠯ ᠵᠢᠭᠤᠯᠴᠢᠯᠠᠯ ᠤᠨ ᠠᠵᠤ ᠦᠢᠯᠡᠰ ᠤᠨ ᠬᠥᠭᠵᠢᠯᠲᠡ ᠶᠢ ᠦᠷᠭᠦᠯᠵᠢᠯᠡᠨ ᠠᠬᠢᠭᠤᠯᠵᠤ᠂ ᠪᠥᠬᠦ ᠬᠤᠰᠢᠭᠤᠨ ᠤ ᠬᠥᠭᠵᠢᠯᠲᠡ ᠳᠤ ᠠᠮᠢᠵᠢᠷᠠᠯ ᠤᠨ ᠬᠦᠴᠦᠨ ᠨᠡᠮᠡᠷᠢᠯᠡᠪᠡ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号